ᠴᠠᠭᠠᠨ ᠰᠠᠷ᠎ᠠ ᠶᠢᠨ ᠬᠤᠭᠤᠴᠠᠭᠠᠨ ᠳᠤ᠂ ᠪᠥᠬᠦ ᠣᠷᠣᠨ ᠤ ᠳᠣᠲᠣᠭᠠᠳᠤ ᠶᠢ ᠬᠠᠮᠠᠭᠠᠯᠠᠬᠤ ᠪᠠᠶᠢᠭᠤᠯᠭ᠎ᠠ ᠨᠤᠭᠤᠳ ᠴᠠᠭᠠᠨ ᠰᠠᠷ᠎ᠠ ᠶᠢᠨ ᠵᠥᠭᠡᠭᠡᠪᠦᠷᠢ ᠶᠢᠨ | ᠵᠠᠮ ᠬᠠᠷᠢᠯᠴᠠᠭᠠᠨ ᠤ ᠪᠠᠲᠤᠯᠠᠭ᠎ᠠ᠂ ᠨᠡᠶᠢᠭᠡᠮ ᠤᠨ ᠵᠥᠷᠢᠴᠡᠯ ᠢ ᠨᠠᠮᠳᠠᠭᠤᠯᠤᠨ ᠠᠷᠢᠯᠭᠠᠬᠤ ᠵᠡᠷᠭᠡ ᠠᠵᠢᠯ ᠢ ᠪᠥᠬᠦ ᠬᠦᠴᠦᠨ ᠢᠶᠠᠷ ᠢᠶᠠᠨ ᠥᠷᠨᠢᠭᠦᠯᠵᠦ᠂ ᠣᠯᠠᠨ | ᠲᠦᠮᠡᠨ ᠳᠤ ᠠᠮᠤᠷ ᠲᠠᠶᠢᠪᠣᠩ ᠡᠶ᠎ᠡ ᠨᠠᠶᠢᠷᠠᠮᠳᠠᠭᠤ ᠨᠡᠶᠢᠭᠡᠮ ᠤᠨ ᠠᠮᠤᠷ ᠲᠦᠪᠰᠢᠨ ᠣᠷᠴᠢᠨ ᠨᠥᠬᠦᠴᠡᠯ ᠢ ᠴᠢᠷᠮᠠᠶᠢᠨ ᠪᠣᠶ ᠪᠣᠯᠭᠠᠵᠤ ᠥᠭᠪᠡ᠃ 1 ᠳ᠋ᠦ᠋ᠭᠡᠷ | ᠰᠠᠷ᠎ᠠ ᠶᠢᠨ 28 ᠤ ᠡᠳᠦᠷ ᠠᠴᠠ 2 ᠳ᠋ᠤᠭᠠᠷ ᠰᠠᠷ᠎ᠠ ᠶᠢᠨ 4 ᠤ ᠡᠳᠦᠷ ᠪᠣᠯᠲᠠᠯ᠎ᠠ᠂ ᠪᠥᠬᠦ ᠣᠷᠣᠨ ᠳᠤ ᠵᠠᠮ ᠬᠠᠷᠢᠯᠴᠠᠭᠠᠨ ᠤ ᠬᠠᠮᠢᠶᠠᠷᠤᠯᠲᠠ ᠶᠢᠨ ᠴᠠᠭᠳᠠᠭᠠᠨ ᠤ | ᠬᠦᠴᠦᠨ ᠢ ᠨᠡᠶᠢᠲᠡ 53620 ᠬᠥᠮᠦᠨ ᠤᠳᠠᠭ᠎ᠠ᠂ ᠴᠠᠭᠳᠠᠭᠠᠨ ᠤ ᠲᠡᠷᠭᠡ ᠶᠢ 9956 ᠲᠡᠷᠭᠡ ᠤᠳᠠᠭ᠎ᠠ ᠬᠥᠳᠡᠯᠭᠡᠵᠦ᠂ ᠵᠠᠮ ᠬᠠᠷᠢᠯᠴᠠᠭᠠᠨ ᠤ ᠬᠠᠤᠯᠢ | ᠬᠡᠷᠡᠭᠵᠢᠭᠦᠯᠦᠯᠲᠡ ᠶᠢᠨ 98 ᠪᠠᠶᠢᠴᠠᠭᠠᠯᠲᠠ ᠶᠢᠨ ᠥᠷᠲᠡᠭᠡ ᠶᠢ ᠠᠵᠢᠯᠯᠠᠭᠤᠯᠵᠤ᠂ ᠲᠦᠷ ᠴᠠᠭ ᠤᠨ ᠵᠢᠵᠢᠭᠦᠷᠯᠡᠬᠦ 334 ᠴᠡᠭ ᠢ ᠲᠣᠬᠢᠷᠠᠭᠤᠯᠪᠠ᠃ ︵ | ᠳᠣᠲᠣᠭᠠᠳᠤ ᠶᠢ ᠬᠠᠮᠠᠭᠠᠯᠠᠬᠤ ᠲᠢᠩᠬᠢᠮ︶ | |