ᠲᠡᠷᠭᠡ ᠲᠠᠢ ᠬᠤᠯᠪᠤᠭᠳᠠᠭᠰᠠᠨ ᠴᠡᠭᠡᠷ ᠪᠠ ᠵᠠᠷᠢᠮ ᠵᠠᠩ ᠦᠢᠯᠡ
ᠨᠡᠶᠢᠲᠡᠯᠡᠭᠰᠡᠨ ᠴᠠᠭ᠄
2024/12/16
        ᠮᠤᠩᠭᠤᠯᠴᠤᠳ ᠤᠨ ᠳᠤᠮᠳᠠ ᠲᠡᠷᠭᠡ ᠲᠠᠢ ᠬᠤᠯᠪᠤᠭᠳᠠᠭᠰᠠᠨ ᠡᠳᠤᠢ ᠲᠡᠳᠤᠢ ᠴᠡᠭᠡᠷ ᠪᠠᠶᠢᠳᠠᠭ᠃ ᠲᠤᠬᠠᠶᠢᠯᠠᠪᠠᠯ᠂ ᠲᠡᠷᠭᠡᠨ ᠤ ᠪᠤᠭᠤᠯᠠᠭ᠎ᠠ ᠪᠤᠷᠭᠤᠯᠵᠢ ᠳᠡᠭᠡᠭᠦᠷ ᠠᠯᠬᠤᠨ ᠭᠠᠷᠬᠤ ᠪᠠ ᠲᠡᠭᠦᠨ ᠢ ᠠᠯᠠᠮᠯᠠᠨ ᠵᠤᠭᠰᠤᠬᠤ᠂ ᠲᠡᠷᠭᠡᠨ ᠤ ᠪᠤᠯᠤ ᠶᠢ ᠦᠷᠦᠭᠡᠰᠦᠨ ᠬᠦᠯ ᠢᠶᠠᠷ ᠢᠶᠠᠨ ᠲᠦᠷᠦᠭᠡᠯᠡᠨ ᠵᠤᠭᠰᠤᠬᠤ ᠶᠢ ᠴᠡᠭᠡᠷᠯᠡᠲᠡᠭ᠃ ᠵᠢᠷᠮᠦᠰᠦᠨ ᠡᠮᠡᠭᠲᠡᠢ ᠬᠦᠮᠦᠨ ᠵᠦᠯᠡᠭᠡ ᠲᠦᠯᠡᠬᠦ ᠶᠢ ᠴᠡᠭᠡᠷᠯᠡᠲᠡᠭ᠃ ᠲᠡᠷᠭᠡ ᠶᠢ ᠭᠡᠷ ᠤᠨ ᠡᠭᠦᠳᠡᠨ ᠤ ᠡᠰᠡᠷᠬᠦ ᠬᠠᠨᠳᠤᠭᠤᠯᠵᠤ ᠪᠠᠭᠤᠯᠭᠠᠬᠤ ᠪᠠ ᠡᠭᠦᠳᠡᠨ ᠤ ᠡᠮᠦᠨ᠎ᠡ ᠬᠦᠨᠳᠡᠯᠡᠨ ᠲᠠᠯᠪᠢᠬᠤ ᠶᠢ ᠴᠡᠭᠡᠷᠯᠡᠲᠡᠭ᠃ ᠠᠶᠠᠨ ᠤ ᠲᠡᠷᠭᠡ ᠪᠠᠷ ᠠᠶᠠᠨ ᠤ ᠪᠠᠭᠤᠳᠠᠯ ᠳᠠᠬᠢ ᠲᠤᠯᠭ᠎ᠠ ᠴᠢᠯᠠᠭᠤ ᠪᠠ ᠵᠤᠤᠬ᠎ᠠ ᠪᠠᠨ ᠲᠠᠭᠠᠷᠢᠭᠤᠯᠬᠤ ᠶᠢ ᠴᠡᠭᠡᠷᠯᠡᠲᠡᠭ᠃ ᠠᠶᠠᠨ ᠤ ᠬᠦᠮᠦᠰ ︽ᠤᠨᠤᠭ᠎ᠠ ᠭᠡᠮᠨᠡᠬᠦ︾᠂ ︽ᠲᠡᠷᠭᠡ ᠡᠪᠳᠡᠷᠡᠬᠦ︾᠂ ︽ᠠᠶᠠᠨ ᠰᠠᠭᠠᠭᠳᠠᠬᠤ︾ ᠭᠡᠬᠦ ᠮᠡᠲᠦ ᠪᠡᠯᠭᠡ ᠮᠠᠭᠤᠲᠠᠢ ᠦᠭᠡ ᠨᠦᠭᠦᠳ ᠢ ᠴᠡᠭᠡᠷᠯᠡᠵᠦ ︽ᠰᠢᠯᠲᠠᠭ ᠪᠤᠯᠬᠤ︾᠂ ︽ᠲᠡᠷᠭᠡ ᠶᠠᠳᠠᠬᠤ︾᠂ ︽ᠤᠵᠢᠭᠳᠠᠬᠤ︾ ᠭᠡᠵᠦ ᠬᠡᠯᠡᠳᠡᠭ᠃ ᠵᠠᠷᠢᠮ ᠨᠤᠲᠤᠭ ᠲᠤ ᠪᠠᠰᠡ ᠲᠡᠷᠭᠡᠨ ᠤ ᠬᠦᠷᠳᠦᠨ ᠠᠴᠠ ᠤᠨᠤᠭ᠎ᠠ ᠮᠠᠯ ᠤᠶᠠᠬᠤ ᠪᠠ ᠲᠡᠷᠭᠡᠨ ᠤ ᠠᠷᠠᠯ ᠬᠦᠷᠳᠦ ᠤᠷᠤᠭᠤ ᠰᠢᠭᠡᠬᠦ ᠶᠢ ᠴᠡᠭᠡᠷᠯᠡᠲᠡᠭ᠃ ᠲᠡᠷᠭᠡ ᠡᠳ᠋ᠯᠡᠵᠦ ᠬᠡᠷᠡᠭᠯᠡᠬᠦ ᠶᠠᠪᠤᠴᠠ ᠳᠤ ᠪᠠᠰᠡ ᠲᠡᠷᠭᠡ ᠲᠠᠢ ᠬᠤᠯᠪᠤᠭᠳᠠᠭᠰᠠᠨ ᠵᠠᠷᠢᠮ ᠵᠠᠩ ᠦᠢᠯᠡ ᠪᠤᠢ ᠪᠤᠯᠵᠠᠢ᠃ ᠠᠶᠠᠨ ᠤ ᠲᠡᠷᠭᠡ ᠮᠤᠷᠲᠠᠬᠤ ᠳᠤ ᠪᠤᠯ ᠬᠦᠵᠢ᠂ ᠠᠷᠴᠠ ᠠᠰᠠᠭᠠᠵᠤ ᠠᠶᠠᠨ ᠤ ᠲᠡᠷᠭᠡ ᠪᠠᠨ ᠠᠷᠢᠭᠤᠯᠠᠬᠤ ᠪᠦᠭᠡᠳ ᠰᠠᠩ ᠲᠠᠯᠪᠢᠵᠦ ᠲᠡᠷᠭᠡ ᠪᠠᠨ ᠡᠷᠭᠢᠭᠦᠯᠵᠦ ᠠᠷᠢᠭᠤᠯᠠᠳᠠᠭ ᠨᠢ ᠴᠦ ᠪᠤᠢ᠃ ᠠᠶᠠᠨ ᠤ ᠲᠡᠷᠭᠡ ᠬᠦᠳᠦᠯᠦᠨ ᠭᠠᠷᠬᠤ ᠳᠤ ᠭᠡᠷ ᠲᠤ ᠬᠤᠴᠤᠷᠠᠭᠰᠠᠳ ᠨᠢ ᠠᠷᠤ ᠬᠤᠶᠢᠨ᠎ᠠ ᠠᠴᠠ  ᠨᠢ ᠰᠦ ᠪᠠᠨ ᠡᠷᠭᠦᠨ ᠰᠠᠴᠤᠯᠢ ᠰᠠᠴᠤᠵᠤ ᠪᠡᠯᠭᠡᠲᠡᠢ ᠰᠠᠶᠢᠬᠠᠨ ᠢᠷᠤᠭᠡᠯ ᠬᠡᠯᠡᠳᠡᠭ᠃ ᠠᠶᠠᠨ ᠤ ᠲᠡᠷᠭᠡ ᠬᠦᠳᠦᠯᠦᠨ ᠶᠠᠪᠤᠭᠰᠠᠳ ᠨᠢ ᠦᠨᠳᠦᠷ ᠲᠤᠮᠤ ᠳᠠᠪᠠᠭᠠᠨ ᠤ ᠬᠦᠲᠦᠯ ᠳᠡᠭᠡᠷ᠎ᠡ ᠪᠤᠰᠬᠠᠭᠰᠠᠨ ᠤᠪᠤᠭᠠᠨ ᠤ ᠲᠡᠷᠭᠡᠳᠡᠭᠦᠷ ᠦᠩᠭᠡᠷᠡᠪᠡᠯ ᠲᠡᠭᠦᠨ ᠤ ᠲᠡᠭᠡᠷ᠎ᠡ ᠵᠠᠪᠠᠯ ᠴᠢᠯᠠᠭᠤ ᠨᠡᠮᠡᠵᠦ ᠴᠠᠭᠠᠨ ᠢᠳᠡᠭᠡᠨ ᠢᠶᠠᠷ ᠢᠶᠠᠨ ︽ᠴᠠᠭᠠᠨ ᠪᠠᠯᠢᠩ︾ ᠡᠷᠭᠦᠳᠡᠭ ᠪᠦᠭᠡᠳ ᠶᠡᠭᠡ ᠰᠢᠭ ᠭᠤᠤᠯ ᠮᠦᠷᠡᠨ ᠢ ᠭᠠᠲᠤᠯᠬᠤ ᠳᠤ ᠴᠦ ᠤᠷᠢᠳ ᠢᠶᠠᠷ ᠲᠡᠷᠭᠡ ᠪᠠᠨ ᠵᠤᠭᠰᠤᠭᠠᠵᠤ ᠯᠤᠤᠰ ᠰᠠᠪᠳᠠᠭ ᠲᠤ ᠨᠢ ᠳᠡᠭᠡᠵᠢ ᠰᠡᠷᠵᠢᠮ ᠡᠷᠭᠦᠳᠡᠭ᠃         ᠵᠢᠯ ᠴᠠᠭᠠᠨ ᠰᠠᠷ᠎ᠠ ᠪᠤᠯᠬᠤ ᠳᠤ ᠵᠠᠷᠢᠮ ᠨᠤᠲᠤᠭ ᠬᠢᠨ ᠪᠤᠯ ᠬᠠᠭᠤᠴᠢᠨ ᠵᠢᠯ ᠤᠨ ᠪᠢᠳᠡᠭᠦᠨ ᠳᠤ ᠲᠡᠷᠭᠡ ᠪᠠᠨ ᠡᠮᠬᠢ ᠴᠡᠭᠴᠡ ᠲᠠᠢ ᠨᠠᠶᠢᠷᠠᠵᠤ ᠲᠠᠯᠪᠢᠭᠠᠳ ᠳᠡᠭᠡᠰᠦᠨ ᠡᠳ᠋ᠯᠡᠯ ᠵᠡᠷᠭᠡ ᠶᠢ ᠨᠢ ᠰᠠᠶᠢᠬᠠᠨ ᠡᠪᠬᠡᠵᠦ ᠤᠷᠢᠶᠠᠵᠤ ᠬᠤᠷᠢᠶᠠᠭᠰᠠᠨ ᠤ ᠳᠠᠷᠠᠭ᠎ᠠ ᠲᠡᠷᠭᠡ ᠪᠦᠷᠢ ᠶᠢᠨ ᠳᠡᠭᠡᠷ᠎ᠡ ᠨᠢᠭᠡ ᠬᠡᠰᠡᠭ ᠮᠦᠰᠦ ᠲᠠᠯᠪᠢᠵᠦ ᠲᠡᠷᠭᠡ ᠪᠠᠨ ᠳᠠᠬᠢᠨ ᠠᠮᠠᠷᠠᠭᠤᠯᠳᠠᠭ᠃ ᠢᠩᠭᠢᠵᠦ ᠳᠡᠬᠢᠵᠦ ᠠᠮᠠᠷᠠᠭᠤᠯᠤᠭᠰᠠᠨ ᠲᠡᠷᠭᠡ ᠶᠢ ᠴᠠᠭᠠᠨ ᠰᠠᠷ᠎ᠠ ᠶᠢᠨ ᠰᠢᠨ᠎ᠡ ᠶᠢᠨ ᠵᠢᠷᠭᠤᠭᠠᠨ ᠪᠤᠶᠤ ᠨᠠᠢᠮᠠᠨ ᠬᠦᠷᠲᠡᠯ᠎ᠡ ︵ᠵᠠᠷᠢᠮ ᠨᠢ ᠪᠤᠷᠬᠠᠨ ᠲᠠᠪᠠᠯᠯᠠᠳᠡᠭ ᠠᠷᠪᠠᠨ ᠵᠢᠷᠭᠤᠭᠠᠨ ᠬᠦᠷᠲᠡᠯ᠎ᠡ︶ ᠶᠡᠷᠦ ᠬᠦᠳᠡᠯᠭᠡᠳᠡᠭ ᠦᠭᠡᠢ᠃ ᠪᠠᠰᠡ ᠵᠠᠷᠢᠮ ᠨᠤᠲᠤᠭ ᠲᠤ ᠪᠤᠯ ᠴᠠᠭᠠᠨ ᠰᠠᠷ᠎ᠠ ᠶᠢᠨ ᠰᠢᠨᠡᠳ ᠤᠨ ᠲᠤᠭᠲᠠᠭᠰᠠᠨ ᠨᠢᠭᠡᠨ ᠡᠳᠦᠷ ᠲᠡᠷᠭᠡ ᠳᠡᠭᠡᠷ᠎ᠡ ᠪᠠᠨ ᠳᠦᠭᠦᠷᠡᠩ ᠮᠦᠰᠦ ᠲᠡᠭᠡᠭᠡᠵᠦ᠂ ᠤᠯᠠᠭᠠᠨ ᠴᠠᠭᠠᠨ ᠢᠳᠡᠭᠡᠨ ᠤ ᠲᠠᠬᠢᠯᠭ᠎ᠠ ᠲᠠᠯᠪᠢᠨ᠂ ᠬᠦᠵᠢ ᠠᠷᠴᠠ ᠶᠢᠨ ᠰᠠᠩ ᠤᠩᠭᠤᠰᠬᠠᠨ ᠲᠡᠷᠭᠡ ᠪᠠᠨ ᠲᠡᠬᠢᠬᠤ ᠪᠦᠭᠡᠳ ᠲᠡᠷᠭᠡᠨ ᠤ ᠡᠵᠡᠨ ᠨᠢ ᠭᠠᠷ ᠤᠨ ᠲᠡᠷᠭᠡ ᠪᠠᠨ ᠬᠦᠯᠵᠦ ᠳᠡᠭᠡᠷ᠎ᠡ ᠨᠢ ᠤᠯᠪᠤᠭ ᠲᠡᠪᠢᠰᠭᠡᠷ ᠳᠡᠪᠢᠰᠦᠨ ᠬᠡᠯᠬᠢᠶᠡᠲᠡᠢ ᠭᠠᠤᠯᠢᠨ ᠵᠤᠭᠤᠰ᠂ ᠤᠯᠠᠭᠠᠨ ᠴᠠᠭᠠᠨ ᠢᠳᠡᠭᠡᠨ᠂ ᠵᠢᠮᠢᠰ ᠪᠤᠭᠤᠷᠰᠤᠭ ᠵᠡᠷᠭᠡ ᠶᠢ ᠲᠡᠭᠡᠭᠡᠵᠦ ᠦᠪᠡᠷ ᠤᠨ ᠬᠡᠰᠢᠭ ᠵᠦᠭ ᠲᠤ ᠪᠠᠨ ᠬᠦᠳᠡᠯᠦᠨ ᠭᠠᠷᠴᠦ ᠬᠠᠭᠠᠰ ᠭᠠᠵᠠᠷ ᠤᠷᠴᠢᠮ ᠵᠠᠶᠢᠲᠠᠢ ᠶᠠᠪᠤᠭᠰᠠᠨ ᠤ ᠳᠠᠷᠠᠭ᠎ᠠ ᠲᠡᠭᠷᠢ᠂ ᠭᠠᠵᠠᠷ᠂ ᠯᠤᠤᠰ ᠵᠡᠷᠭᠡ ᠶᠢ ᠲᠡᠬᠢᠬᠤ ᠶᠤᠰᠤᠯᠠᠯ ᠢ ᠭᠦᠢᠴᠡᠳᠭᠡᠭᠡᠳ ᠨᠠᠷᠠᠨ ᠵᠦᠪ ᠢᠶᠠᠷ ᠨᠢᠭᠡ ᠲᠤᠭᠤᠷᠢᠭᠠᠳ ᠭᠡᠷ ᠲᠤ ᠪᠠᠨ ᠪᠤᠴᠠᠨ ᠢᠷᠡᠳᠡᠭ᠂ ᠡᠭᠦᠨ ᠢ ᠵᠦᠭ ᠭᠠᠷᠭᠠᠬᠤ ᠭᠡᠳᠡᠭ᠃ ᠵᠦᠭ ᠭᠠᠷᠭᠠᠳᠠᠭ ᠨᠢ ᠲᠡᠷᠡ ᠲᠡᠷᠭᠡᠨ ᠤ ᠡᠵᠡᠨ ᠰᠢᠨ᠎ᠡ ᠨᠢᠭᠡᠨ ᠵᠢᠯ ᠳᠤ ᠡᠰᠡᠨ ᠮᠡᠨᠳᠦ᠂ ᠤᠯᠵᠠ ᠤᠮᠤᠭ ᠲᠠᠢ ᠶᠠᠪᠤᠬᠤ ᠶᠢ ᠪᠡᠯᠭᠡᠳᠡᠭᠰᠡᠨ ᠤᠴᠢᠷ ᠤᠳᠬ᠎ᠠ ᠲᠠᠢ᠃   
ᠢᠷᠡᠯᠲᠡ᠄ ᠬᠠᠭᠤᠴᠢᠨ ᠪᠠᠷᠭᠤ ᠬᠤᠰᠢᠭᠤᠨ ᠤ ᠠᠷᠠᠳ ᠤᠨ ᠵᠠᠰᠠᠭ ᠤᠨ ᠤᠷᠳᠤᠨ