ᠬᠢᠴᠢᠶᠡᠭᠡᠷᠡᠢ︕ ᠦᠨ᠎ᠡ ᠲᠥᠯᠥᠪᠦᠷᠢ ᠦᠭᠡᠢ WIFI ᠶᠢ ᠲᠤᠷ᠎ᠠ ᠪᠠᠷ ᠢᠶᠠᠨ ᠪᠢᠳᠡᠭᠡᠢ ᠭᠡᠷᠡᠭᠯᠡ
ᠨᠡᠶᠢᠲᠡᠯᠡᠭᠰᠡᠨ ᠴᠠᠭ᠄
2024/11/4
        ᠨᠡᠶᠢᠲᠡ ᠶᠢᠨ WIFI ᠨᠢ ᠬᠡᠳᠦ᠋ᠢᠪᠡᠷ ᠳᠥᠭᠦᠮ ᠪᠣᠯᠪᠠᠴᠤ ᠪᠠᠰᠠ ᠴᠥᠭᠡᠨ ᠪᠤᠰᠤ ᠠᠮᠤᠷ ᠲᠦᠪᠰᠢᠨ ᠤ ᠳᠠᠯᠳᠠ ᠭᠡᠮ ᠤᠷᠤᠰᠢᠵᠦ ᠪᠠᠶᠢᠬᠤ ᠪᠤᠯᠬᠤᠷ ᠬᠢᠴᠢᠶᠡᠬᠦ ᠦᠭᠡᠢ ᠪᠣᠯ ᠮᠡᠬᠡᠨ ᠳᠤ ᠣᠷᠣᠨ᠎ᠠ ᠰᠢᠦ᠃         01. ᠨᠢᠭᠡᠨ ᠡᠳᠦᠷ᠂ ᠵᠠᠩ ᠬᠠᠲᠤᠭᠲᠠᠶ ᠳᠡᠯᠭᠡᠭᠦᠷ ᠲᠣᠭᠤᠷᠢᠵᠤ ᠪᠠᠶᠢᠬᠤ ᠳᠠᠭᠠᠨ ᠳᠡᠯᠭᠡᠭᠦᠷ ᠤᠨ ᠳᠣᠲᠣᠷᠠᠬᠢ ᠨᠢᠭᠡᠨ ᠨᠢᠭᠤᠴᠠ ᠨᠣᠮᠧᠷ ᠦᠭᠡᠶ WIFI ᠶᠢ ᠵᠠᠯᠭᠠᠭᠠᠳ ᠲᠡᠷᠡ ᠭᠠᠷ ᠤᠲᠠᠰᠤᠨ ᠳᠠᠬᠢ ᠪᠠᠩᠬᠢ ᠶᠢᠨ ᠲᠣᠭᠠᠴᠠᠭ᠎ᠠ ᠬᠢᠬᠦ ᠠᠷᠭ᠎ᠠ ᠶᠢ ᠭᠡᠷᠡᠭᠯᠡᠨ ᠨᠢᠭᠡ ᠵᠠᠬ᠎ᠠ ᠬᠤᠪᠴᠠᠰᠤ ᠬᠤᠳᠠᠯᠳᠤᠨ ᠠᠪᠴᠠᠢ᠃ ᠳᠡᠮᠡᠢ ᠤᠳᠠᠭᠰᠠᠨ ᠦᠭᠡᠢ ᠵᠠᠩ ᠬᠠᠲᠤᠭᠲᠠᠶ ᠭᠠᠷ ᠤᠲᠠᠰᠤᠨ ᠤ ᠣᠬᠤᠷ ᠮᠡᠳᠡᠭᠡ ᠶᠢᠨ ᠰᠠᠨᠠᠭᠤᠯᠤᠮᠵᠢ ᠶᠢ ᠣᠯᠠᠨᠲᠠ ᠲᠤᠰᠪᠠ᠂ ᠲᠡᠭᠡᠭᠡᠳ ᠵᠠᠩ ᠬᠠᠲᠤᠭᠲᠠᠶ ᠣᠬᠤᠷ ᠮᠡᠳᠡᠭᠡ ᠶᠢᠨ ᠰᠠᠨᠠᠭᠤᠯᠤᠮᠵᠢ ᠶᠢ ᠦᠵᠡᠭᠰᠡᠨ ᠴᠢᠨᠢ ᠲᠡᠭᠦᠨ ᠤ ᠢᠲᠡᠭᠡᠮᠵᠢ ᠶᠢᠨ ᠺᠠᠷᠲ ᠠᠴᠠ 9000 ᠭᠠᠷᠤᠢ ᠲᠥᠭᠦᠷᠢᠭ ᠬᠤᠯᠠᠭᠠᠶᠢᠯᠠᠨ ᠰᠢᠷᠪᠢᠭᠰᠡᠨ ᠢ ᠣᠯᠵᠤ ᠮᠡᠳᠡᠵᠡᠢ︕         02 . ᠯᠢ ᠠᠪᠤᠭᠠᠶ ᠭᠠᠷ ᠤᠲᠠᠰᠤ ᠪᠠᠨ ᠠᠦ᠋ᠲ᠋ᠣ᠋ ᠬᠠᠶᠢᠯᠲᠠ ᠪᠠᠷ WIFI ᠶᠢ ᠠᠶᠠᠳᠠᠭᠠᠨ ᠬᠤᠯᠪᠣᠬᠤ ᠪᠤᠯᠭᠠᠨ ᠲᠤᠬᠢᠷᠠᠭᠤᠯᠪᠠ᠃ ᠨᠢᠭᠡᠨ ᠡᠳᠦᠷ ᠭᠠᠳᠠᠨ᠎ᠠ ᠬᠤᠭᠤᠯᠠ ᠢᠳᠡᠵᠦ ᠪᠠᠶᠢᠬᠤ ᠳᠤ ᠲᠡᠭᠦᠨ ᠤ ᠭᠠᠷ ᠤᠲᠠᠰᠤ ᠨᠢ ᠠᠦ᠋ᠲ᠋ᠣ᠋ ᠬᠠᠶᠢᠯᠲᠠ ᠪᠠᠷ ᠨᠢᠭᠤᠴᠠ ᠨᠣᠮᠧᠷ ᠦᠭᠡᠶ ᠦᠨ᠎ᠡ ᠲᠥᠯᠥᠪᠦᠷᠢ ᠦᠭᠡᠢ WIFI ᠵᠠᠯᠭᠠᠬᠰᠠᠨ ᠪᠠᠶᠢᠯ᠎ᠠ᠃ ᠲᠣᠰ WIFI ᠶᠢ ᠬᠡᠷᠡᠭᠯᠡᠵᠦ ᠪᠠᠶᠢᠬᠤ ᠦᠶ᠎ᠡ ᠳᠡᠭᠡᠨ᠂ ᠯᠢ ᠠᠪᠤᠭᠠᠶ ᠥᠪᠡᠷ ᠤᠨ ᠭᠠᠷ ᠤᠲᠠᠰᠤᠨ ᠤ ᠰᠦᠯᠵᠢᠶᠡᠨ ᠪᠠᠩᠬᠢ ᠳᠠᠭᠠᠨ ᠭᠠᠷᠴᠠᠶ᠃ ᠳᠠᠷᠠᠭ᠎ᠠ ᠡᠳᠦᠷ ᠨᠢ ᠲᠡᠷᠡ 3000 ᠲᠥᠭᠦᠷᠢᠭ ᠵᠠᠷᠤᠪᠠ ᠭᠡᠰᠡᠨ ᠭᠠᠷ ᠤᠳᠠᠰᠤᠨ ᠤ ᠨᠢᠭᠡᠨ ᠣᠬᠤᠷ ᠮᠡᠳᠡᠭᠡ ᠶᠢ ᠤᠯᠵᠤ ᠲᠤᠰᠤᠬᠰᠠᠨ ᠪᠦᠭᠡᠳ ᠪᠠᠰᠠ ᠪᠠᠩᠬᠢ ᠶᠢᠨ ᠺᠠᠷᠲ ᠠᠴᠠ ᠨᠢ ᠵᠤᠭᠤᠰ ᠰᠢᠯᠵᠢᠭᠦᠯᠤᠭ᠍ᠰᠡᠨ ᠪᠠ ᠭᠡᠷᠡᠭᠯᠡᠭᠰᠡᠨ ᠣᠬᠤᠷ ᠮᠡᠳᠡᠭᠡ ᠶᠢ ᠤᠯᠵᠤ ᠲᠤᠰᠤᠬᠰᠠᠨ ᠪᠠᠶᠢᠨ᠎ᠠ᠃ ᠡᠨᠡ ᠨᠢ ᠲᠡᠭᠦᠨ ᠤ ᠭᠠᠷ ᠤᠲᠠᠰᠤ ᠶᠢ ᠨᠢ ᠬᠤᠯᠠᠭᠠᠶᠢᠯᠠᠨ ᠰᠢᠷᠪᠢᠭᠰᠡᠨ︕ ᠪᠠᠰᠠ WIFI ᠶᠢᠨ ᠤᠨᠠᠭᠤᠯᠢ ᠠᠴᠠ ᠪᠣᠯᠤᠭᠰᠠᠨ ᠭᠠᠶ︕ ᠪᠤᠯᠬᠤ ᠨᠢ ᠮᠠᠰᠢ ᠢᠯᠡᠷᠭᠡᠢ ᠪᠢᠯᠡ᠃         ᠪᠢᠳᠡ ᠡᠶᠢᠮᠦᠷᠬᠦ ᠶᠠᠪᠤᠳᠠᠯ ᠢ ᠶᠠᠭᠠᠬᠢᠵᠦ ᠰᠡᠷᠭᠡᠶᠢᠯᠡᠬᠦ ᠪᠣᠢ︖ ᠳᠥᠷᠪᠡᠨ ᠰᠠᠨᠠᠭᠤᠯᠤᠮᠵᠢ ᠦᠭᠭᠦᠶ᠎ᠡ᠃   
ᠢᠷᠡᠯᠲᠡ᠄ ᠪᠣᠭᠤᠳᠣ ᠬᠤᠳᠡ ᠶᠢᠨ ᠠᠷᠡᠳ ᠤᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠠ