ᠵᠢᠯ ᠤᠨ ᠳᠥᠷᠪᠡᠨ ᠤᠯᠠᠷᠢᠯ ᠳᠤ ᠨᠠᠮᠤᠷ ᠪᠣᠯ ᠨᠢᠭᠡᠨ ᠲᠦᠢᠯ ᠤᠨ ᠴᠢᠬᠤᠯᠠ ᠪᠡᠶ᠎ᠡ ᠰᠤᠪᠢᠯᠠᠯᠲᠠ ᠶᠢᠨ ᠤᠯᠠᠷᠢᠯ ᠪᠣᠯᠣᠨ᠎ᠠ᠂ ᠤᠴᠢᠷ ᠨᠢ ᠬᠦᠢᠲᠡᠨ ᠰᠢᠭᠦᠳᠡᠷᠢ | ᠥᠩᠭᠡᠷᠡᠭᠰᠡᠨ ᠤ ᠳᠠᠷᠠᠭ᠎ᠠ᠂ ᠠᠭᠤᠷ ᠠᠮᠢᠰᠬᠤᠯ ᠰᠡᠷᠢᠭᠦᠬᠡᠨ ᠪᠣᠯᠤᠭᠰᠠᠨ ᠴᠤ᠂ ᠪᠦᠭᠦ ᠪᠡᠶ᠎ᠡ ᠮᠠᠰᠢ ᠠᠮᠠᠷᠬᠠᠨ ᠲᠠᠮᠢᠷ ᠲᠡᠩᠬᠡᠭᠡ ᠦᠭᠡᠢ ᠪᠤᠯᠬᠤ ᠪᠠ ᠵᠠᠯᠬᠠᠭᠤᠷᠠᠬᠤ | ᠲᠥᠷᠥᠭᠳᠡᠯ ᠣᠷᠣᠳᠠᠭ ᠶᠤᠮ᠃ ᠬᠡᠷᠪᠡ ᠡᠨᠡ ᠦᠶ᠎ᠡ ᠳᠤ ᠬᠠᠮᠢᠶ᠎ᠠ ᠪᠦᠬᠦᠢ ᠪᠡᠶ᠎ᠡ ᠰᠤᠪᠢᠯᠠᠯᠲᠠ ᠶᠢᠨ ᠠᠵᠢᠯ ᠢ ᠰᠠᠶᠢᠲᠤᠷ ᠬᠢᠵᠦ ᠴᠢᠳᠠᠪᠠᠯ ᠪᠡᠶ᠎ᠡ ᠮᠠᠬᠠᠪᠤᠳ ᠢᠶᠠᠨ | ᠰᠠᠶᠢᠬᠠᠨ ᠲᠣᠬᠢᠷᠠᠭᠤᠯᠵᠤ ᠴᠢᠳᠠᠬᠤ ᠪᠠᠷ ᠪᠠᠷᠠᠬᠤ ᠦᠭᠡᠢ ᠪᠠᠰᠠ ᠪᠡᠶ᠎ᠡ ᠮᠠᠬᠠᠪᠤᠳ ᠢᠶᠠᠨ ᠤᠯᠠᠮ ᠴᠢᠭᠢᠷᠠᠭᠵᠢᠭᠤᠯᠵᠤ ᠴᠢᠳᠠᠨ᠎ᠠ᠃ | 1. ᠢᠳᠡᠭᠡᠨ ᠤᠮᠳᠠᠭᠠᠨ ᠤᠰᠤᠯᠢᠭ ᠰᠢᠮᠡᠯᠢᠭ ᠪᠠᠶᠢᠬᠤ ᠬᠡᠷᠡᠭᠲᠡᠢ | ᠠᠭᠤᠷ ᠠᠮᠢᠰᠬᠤᠯ ᠬᠠᠭᠤᠷᠠᠢ ᠪᠣᠯᠪᠠᠯ ᠠᠭᠤᠰᠬᠢ ᠶᠢ ᠠᠮᠠᠷᠬᠠᠨ ᠭᠡᠮᠲᠦᠭᠡᠵᠦ᠂ ᠪᠡᠶ᠎ᠡ ᠶᠢᠨ ᠰᠢᠩᠭᠡᠨ ᠢ ᠠᠮᠠᠷᠬᠠᠨ ᠬᠤᠷᠣᠭᠳᠠᠭᠤᠯᠵᠤ᠂ ᠪᠡᠶ᠎ᠡ ᠮᠠᠬᠠᠪᠤᠳ | ᠬᠠᠳᠠᠵᠤ ᠰᠢᠷᠭᠢᠭᠰᠡᠨ ᠮᠡᠲᠦ ᠪᠤᠯᠳᠠᠭ᠃ ᠡᠶᠢᠮᠦ ᠠᠴᠠ ︽ᠨᠠᠮᠤᠷ ᠤᠨ ᠤᠯᠠᠷᠢᠯ ᠳᠤ ᠪᠢᠯᠢᠭ ᠢ ᠲᠡᠵᠢᠭᠡᠬᠦ︾ ᠶᠢ ᠵᠢᠷᠤᠮᠯᠠᠵᠤ᠂ ᠪᠢᠯᠢᠭ ᠢ ᠰᠢᠮᠡᠵᠢᠭᠦᠯᠵᠦ ᠬᠠᠭᠤᠷᠠᠢ ᠶᠢ | ᠵᠥᠭᠡᠯᠡᠷᠡᠭᠦᠯᠬᠦ᠂ ᠠᠭᠤᠰᠬᠢ ᠶᠢ ᠰᠢᠮᠡᠵᠢᠭᠦᠯᠬᠦ᠂ ᠬᠠᠯᠠᠭᠤᠨ ᠢ ᠠᠷᠢᠯᠭᠠᠵᠤ ᠬᠠᠯᠠᠭᠤᠨ ᠢ ᠪᠠᠭᠤᠷᠠᠭᠤᠯᠬᠤ ᠢᠳᠡᠰᠢ ᠶᠢ ᠰᠣᠩᠭᠤᠬᠤ ᠬᠡᠷᠡᠭᠲᠡᠢ᠂ ᠵᠢᠱᠢᠶᠡᠯᠡᠪᠡᠯ ᠮᠥᠩᠭᠦᠨ | ᠳᠡᠯᠳᠡᠦ᠂ ᠪᠠᠯ᠂ ᠮᠠᠭᠠᠵᠢ᠂ ᠪᠤᠷᠴᠠᠭ ᠤᠨ ᠵᠤᠲᠠᠩ᠂ ᠯᠢᠩᠬᠸ᠎ᠠ ᠶᠢᠨ ᠦᠨᠳᠦᠰᠦ᠂ ᠬᠤᠰᠢᠭ᠎ᠠ᠂ ᠯᠣᠬᠠᠱᠧᠩ᠂ ᠨᠤᠭᠤᠰᠤᠨ ᠥᠨᠳᠡᠭᠡ᠂ ᠥᠷᠭᠡᠰᠦᠲᠦ ᠨᠣᠭᠤᠭ᠎ᠠ᠂ | ᠯᠤᠤᠪᠠᠩ᠂ ᠠᠷᠤᠷ᠎ᠠ᠂ ᠠᠯᠢᠮ᠎ᠠ᠂ ᠨᠢᠰᠢᠩᠭᠦ ᠵᠡᠷᠭᠡ᠃ ᠠᠮᠠ ᠬᠠᠲᠠᠬᠤ᠂ ᠤᠮᠳᠠᠭᠠᠰᠬᠤ᠂ ᠬᠤᠭᠤᠯᠠᠢ ᠬᠠᠪᠤᠳᠴᠤ ᠡᠪᠡᠳᠬᠦ ᠵᠡᠷᠭᠡ ᠰᠢᠨᠵᠢ ᠲᠡᠮᠳᠡᠭ ᠢᠯᠡᠷᠡᠬᠦ | ᠦᠶ᠎ᠡ ᠳᠤ ᠰᠠᠷᠠᠨ᠎ᠠ᠂ ᠪᠣᠭᠤᠨᠢ ᠰᠠᠷᠠᠨ᠎ᠠ ᠶᠢᠨ ᠦᠨᠳᠦᠰᠦ᠂ ᠴᠢᠨ᠋ᠸ᠎ᠠ ᠶᠢᠨ ᠬᠠᠷᠮᠠᠭ ᠢ ᠤᠰᠤᠨ ᠳᠤ ᠳᠡᠪᠲᠦᠭᠡᠵᠦ ᠤᠤᠭᠤᠵᠤ ᠪᠣᠯᠣᠨ᠎ᠠ᠃ ᠨᠠᠰᠤᠲᠠᠶᠢᠴᠤᠳ ᠤᠨ | ᠠᠷᠠᠰᠤ ᠵᠠᠭᠠᠲᠤᠨᠠᠬᠤ ᠨᠢ ᠣᠯᠠᠩᠬᠢ ᠳᠠᠭᠠᠨ ᠬᠡᠢ ᠴᠢᠰᠤ ᠳᠤᠲᠠᠭᠳᠠᠭᠰᠠᠨ ᠠᠴᠠ ᠪᠣᠯᠤᠭᠰᠠᠨ ᠶᠤᠮ᠂ ᠢᠳᠡᠭᠡᠨ ᠤᠮᠳᠠᠭᠠᠨ ᠤ ᠵᠠᠰᠠᠯ ᠳᠡᠭᠡᠷ᠎ᠡ ᠴᠢᠪᠠᠭ᠎ᠠ᠂ ᠴᠢᠨ᠋ᠸ᠎ᠠ ᠶᠢᠨ | ᠬᠠᠷᠮᠠᠭ᠂ ᠰᠠᠷᠠᠨ᠎ᠠ᠂ ᠨᠠᠩᠭᠢ ᠴᠠᠭᠠᠨ ᠵᠡᠷᠭᠡ ᠶᠢᠨ ᠬᠡᠢ ᠴᠢᠰᠤ ᠶᠢ ᠨᠥᠬᠦᠬᠦ ᠢᠳᠡᠭᠡᠨ ᠢ ᠵᠣᠬᠢᠰᠲᠠᠢ ᠰᠣᠩᠭᠤᠵᠤ ᠪᠣᠯᠣᠨ᠎ᠠ᠃ ᠠᠯᠢᠮ᠎ᠠ ᠪᠣᠯ ᠨᠠᠮᠤᠷ ᠤᠨ ᠤᠯᠠᠷᠢᠯ ᠳᠤ | ᠠᠭᠤᠰᠬᠢ ᠶᠢ ᠵᠥᠭᠡᠯᠡᠯᠡᠬᠦ ᠬᠠᠮᠤᠭ ᠰᠠᠶᠢᠨ ᠵᠢᠮᠢᠰ ᠮᠥᠨ᠃ ᠬᠡᠦᠬᠡᠳ ᠤᠨ ᠬᠤᠳᠣᠭᠤᠳᠤ ᠳᠡᠯᠢᠭᠦᠦ ᠮᠠᠭᠤ᠂ ᠨᠠᠰᠤᠨ ᠳᠤ ᠭᠦᠷᠦᠭᠰᠡᠳ ᠤᠨ ᠪᠡᠶ᠎ᠡ ᠨᠢ ᠬᠦᠢᠲᠡᠨ | ᠵᠡᠷᠭᠡ ᠳᠤ ᠬᠠᠮᠤᠭ ᠰᠠᠶᠢᠨ ᠨᠢ ᠵᠢᠩᠨᠡᠵᠦ ᠢᠳᠡᠨ᠎ᠡ᠂ ᠪᠠᠰᠠ ᠠᠯᠢᠮ᠎ᠠ ᠶᠢᠨ ᠰᠢᠭᠦᠰᠦ ᠴᠢᠨᠠᠵᠤ ᠤᠤᠭᠤᠵᠤ ᠪᠣᠯᠣᠨ᠎ᠠ᠃ | 2. ᠠᠭᠤᠰᠬᠢ ᠶᠢ ᠲᠡᠵᠢᠭᠡᠬᠦ ᠳᠤ ᠪᠡᠶ᠎ᠡ ᠪᠠᠨ ᠬᠥᠳᠡᠯᠭᠡᠬᠦ ᠬᠡᠷᠡᠭᠲᠡᠢ | ᠤᠯᠠᠷᠢᠯ ᠤᠨ ᠬᠤᠪᠢᠷᠠᠯᠲᠠ ᠳᠤ ᠨᠡᠩ ᠰᠠᠶᠢᠨ ᠵᠣᠬᠢᠴᠠᠬᠤ ᠶᠢᠨ ᠲᠥᠯᠥᠭᠡ᠂ ᠵᠣᠬᠢᠰᠲᠠᠢ ᠪᠣᠯᠪᠠᠰᠤᠷᠠᠵᠤ᠂ ᠠᠭᠤᠰᠬᠢᠨ ᠤ ᠬᠡᠢ ᠶᠢ ᠲᠣᠬᠢᠷᠠᠭᠤᠯᠤᠨ᠂ ᠪᠡᠶ᠎ᠡ | ᠮᠠᠬᠠᠪᠤᠳ ᠤᠨ ᠡᠪᠡᠳᠴᠢᠨ ᠢ ᠡᠰᠡᠷᠭᠦᠴᠡᠬᠦ ᠴᠢᠳᠠᠪᠤᠷᠢ ᠶᠢ ᠳᠡᠭᠡᠭᠰᠢᠯᠡᠭᠦᠯᠵᠦ᠂ ᠵᠠᠷᠢᠮ ᠬᠦᠴᠢᠯᠲᠥ᠋ᠷᠥᠭᠴᠢᠲᠦ ᠬᠥᠳᠡᠯᠭᠡᠭᠡᠨ ᠢ ᠬᠢᠬᠦ ᠬᠡᠷᠡᠭᠲᠡᠢ᠂ ᠢᠳᠡᠷ ᠵᠠᠯᠠᠭᠤ | ᠬᠥᠮᠥᠨ ᠠᠭᠤᠯᠠ ᠠᠪᠠᠷᠢᠬᠤ ᠬᠥᠳᠡᠯᠭᠡᠭᠡᠨ ᠢ ᠰᠣᠩᠭᠤᠵᠤ᠂ ᠠᠭᠤᠰᠬᠢᠨ ᠤ ᠠᠮᠢᠰᠬᠤᠯ ᠤᠨ ᠪᠠᠭᠲᠠᠭᠠᠮᠵᠢ ᠶᠢ ᠨᠡᠮᠡᠭᠳᠡᠭᠦᠯᠦᠨ᠂ ᠴᠢᠰᠤᠨ ᠤ ᠡᠷᠭᠢᠯᠲᠡ ᠶᠢ | ᠲᠦᠷᠭᠡᠳᠬᠡᠵᠦ᠂ ᠬᠤᠣᠷᠲᠤ ᠡᠳ᠋ ᠢ ᠭᠠᠳᠠᠭᠰᠢᠯᠠᠭᠤᠯᠬᠤ ᠳᠤ ᠠᠰᠢᠭᠲᠠᠢ ᠪᠣᠯᠭᠠᠨ᠎ᠠ᠃ ᠨᠠᠰᠤᠲᠠᠶᠢᠴᠤᠳ ᠨᠡᠷᠡᠬᠦᠢ ᠨᠢᠳᠤᠷᠭ᠎ᠠ ᠪᠣᠯᠪᠠᠰᠤᠷᠠᠬᠤ ᠨᠢ ᠳᠥᠷᠪᠡᠨ ᠮᠥᠴᠢ ᠶᠢ | ᠳᠡᠯᠭᠡᠨ ᠬᠡᠢ ᠴᠢᠰᠤ ᠶᠢ ᠨᠡᠪᠲᠡᠷᠡᠭᠦᠯᠦᠨ᠎ᠡ᠃ ᠬᠢᠲᠠᠳ ᠡᠮᠨᠡᠯᠭᠡ ᠳᠤ ᠨᠠᠮᠤᠷ ᠪᠣᠯ ᠲᠠᠪᠤᠨ ᠮᠠᠬᠠᠪᠤᠳ ᠤᠨ ᠠᠯᠲᠠ ᠳᠤ ᠬᠠᠷᠢᠶᠠᠯᠠᠭᠳᠠᠨ᠎ᠠ᠂ ᠠᠯᠲᠠ ᠨᠢ ᠠᠭᠤᠰᠬᠢ ᠲᠠᠢ | ᠵᠣᠬᠢᠴᠠᠨ᠎ᠠ᠂ ᠡᠶᠢᠮᠦ ᠠᠴᠠ ᠠᠭᠤᠰᠬᠢᠨ ᠤ ᠬᠡᠢ ᠪᠠᠭᠤᠷᠠᠢ ᠬᠥᠮᠥᠰ ᠨᠠᠮᠤᠷ ᠤᠨ ᠤᠯᠠᠷᠢᠯ ᠳᠤ ᠠᠮᠠᠷᠬᠠᠨ ᠵᠠᠷᠢᠮ ᠠᠭᠤᠰᠬᠢᠨ ᠰᠢᠰᠲ᠋ᠧᠮ ᠤᠨ ᠡᠪᠡᠳᠴᠢᠨ ᠵᠢᠱᠢᠶᠡᠯᠡᠪᠡᠯ᠂ | ᠲᠠᠭᠰᠢᠭᠤᠷ᠂ ᠬᠠᠨᠢᠶᠠᠳᠤ᠂ ᠠᠭᠰᠠᠭ᠎ᠠ ᠵᠡᠷᠭᠡ ᠪᠣᠯᠣᠨ᠎ᠠ᠃ ᠬᠤᠭᠤᠯᠠᠢ ᠬᠠᠪᠤᠳᠴᠤ ᠡᠪᠡᠳᠬᠦ᠂ ᠬᠠᠲᠠᠬᠤ᠂ ᠰᠥᠭᠡᠩᠭᠢᠳᠡᠭᠦ ᠵᠡᠷᠭᠡ ᠡᠪᠡᠳᠴᠢᠨ ᠤ ᠰᠢᠨᠵᠢ ᠢᠯᠡᠷᠡᠵᠦ᠂ | ᠬᠡᠷᠪᠡ ᠪᠢᠯᠢᠭ ᠪᠠᠷᠠᠭᠳᠠᠵᠤ ᠠᠭᠤᠰᠬᠢ ᠬᠠᠭᠤᠷᠠᠶᠢᠳᠠᠬᠤ ᠵᠠᠯᠭᠢᠭᠤᠷ ᠲᠥᠪᠥᠩᠬᠡᠢ ᠶᠢᠨ ᠦᠷᠪᠢᠰᠦᠯ ᠳᠤ ᠲᠣᠭᠠᠴᠠᠭᠳᠠᠪᠠᠯ᠂ ᠪᠠᠯ ᠲᠠᠢ ᠯᠢᠩᠬᠸ᠎ᠠ ᠶᠢᠨ ᠰᠢᠭᠦᠰᠦ | ᠲᠣᠬᠢᠷᠠᠭᠤᠯᠵᠤ ᠤᠤᠭᠤᠪᠠᠯ ᠰᠠᠶᠢᠨ᠃ ᠪᠠᠯ ᠨᠢ ᠬᠠᠭᠤᠷᠠᠢ ᠶᠢ ᠵᠥᠭᠡᠯᠡᠷᠡᠭᠦᠯᠬᠦ᠂ ᠪᠢᠯᠢᠭ ᠢ ᠰᠢᠮᠡᠵᠢᠭᠦᠯᠵᠦ ᠵᠢᠰᠦ ᠭᠤᠶᠣᠯᠠᠬᠤ᠂ ᠳᠠᠷᠤᠯᠲᠠ ᠶᠢ ᠪᠠᠭᠤᠷᠠᠭᠤᠯᠤᠨ | ᠬᠤᠷᠭᠤᠰᠤᠯᠠᠬᠤ ᠶᠢ ᠵᠠᠰᠠᠳᠠᠭ᠂ ᠯᠢᠩᠬᠸ᠎ᠠ ᠶᠢᠨ ᠦᠨᠳᠦᠰᠦ ᠨᠢ ᠬᠠᠷᠢᠨ ᠬᠠᠯᠠᠭᠤᠨ ᠢ ᠠᠷᠢᠯᠭᠠᠵᠤ ᠴᠢᠰᠤ ᠶᠢ ᠰᠡᠷᠢᠭᠦᠴᠡᠭᠦᠯᠬᠦ᠂ ᠰᠡᠳᠬᠢᠯ ᠰᠠᠨᠠᠭ᠎ᠠ ᠶᠢ | ᠲᠠᠶᠢᠪᠤᠰᠢᠷᠠᠭᠤᠯᠬᠤ ᠦᠢᠯᠡᠳᠦᠯ ᠲᠠᠢ ᠲᠤᠯᠠ ᠯᠢᠩᠬᠸ᠎ᠠ ᠶᠢᠨ ᠦᠨᠳᠦᠰᠦ 500 ᠭᠷᠡᠮ᠂ ᠵᠥᠭᠡᠢ ᠶᠢᠨ ᠪᠠᠯ 20 ᠭᠷᠡᠮ ᠢ ᠠᠪᠴᠤ᠂ ᠤᠷᠢᠳ ᠢᠶᠠᠷ ᠰᠢᠨ᠎ᠡ ᠰᠣᠷᠭᠤᠭ | ᠯᠢᠩᠬᠸ᠎ᠠ ᠶᠢᠨ ᠦᠨᠳᠦᠰᠦ ᠶᠢ ᠤᠬᠢᠶᠠᠵᠤ ᠴᠡᠪᠡᠷᠯᠡᠭᠰᠡᠨ ᠤ ᠳᠠᠷᠠᠭ᠎ᠠ ᠰᠢᠭᠦᠰᠦ ᠪᠣᠯᠭᠠᠨ ᠰᠢᠬᠠᠵᠤ᠂ ᠳᠠᠭᠢᠨ ᠪᠠᠯ ᠬᠢᠵᠦ ᠤᠤᠭᠤᠵᠤ ᠪᠣᠯᠣᠨ᠎ᠠ᠃ | 3. ᠠᠷᠭ᠎ᠠ ᠶᠢ ᠲᠡᠵᠢᠭᠡᠬᠦ ᠳᠤ ᠳᠤᠯᠠᠭᠠᠨ ᠢ ᠠᠩᠬᠠᠷᠬᠤ ᠬᠡᠷᠡᠭᠲᠡᠢ | ᠨᠠᠮᠤᠷ ᠪᠣᠯᠪᠠᠯ ᠠᠷᠭ᠎ᠠ ᠬᠡᠢ ᠠᠭᠠᠵᠢᠮ ᠢᠶᠠᠷ ᠬᠤᠷᠢᠶᠠᠭᠳᠠᠵᠤ᠂ ᠪᠢᠯᠢᠭ ᠬᠡᠢ ᠠᠭᠠᠵᠢᠮ ᠢᠶᠠᠷ ᠣᠷᠳᠣ ᠪᠤᠯᠳᠠᠭ᠂ ᠭᠠᠭᠴᠠ ᠬᠦ ᠠᠷᠭ᠎ᠠ ᠬᠡᠢ ᠶᠢ ᠭᠦᠢᠴᠡᠳ | ᠲᠥᠪᠯᠡᠷᠡᠭᠦᠯᠪᠡᠯ ᠰᠠᠶ᠋ᠢ ᠡᠪᠦᠯ ᠤᠨ ᠬᠦᠢᠲᠡᠨ ᠠᠴᠠ ᠠᠶᠤᠬᠤ ᠦᠭᠡᠢ ᠪᠠᠶᠢᠳᠠᠭ᠃ ᠠᠷᠭ᠎ᠠ ᠬᠡᠢ ᠶᠢ ᠬᠤᠷᠢᠶᠠᠬᠤ ᠳᠤ ᠠᠷᠤ ᠨᠢᠷᠤᠭᠤ ᠶᠢ ᠳᠤᠯᠠᠭᠠᠯᠠᠬᠤ ᠬᠡᠷᠡᠭᠲᠡᠢ᠃ | ᠡᠭᠦᠨ ᠠᠴᠠ ᠭᠠᠳᠠᠨ᠎ᠠ᠂ ᠤᠨᠲᠠᠬᠤ ᠳᠠᠭᠠᠨ ᠴᠣᠩᠬᠤ ᠪᠠᠨ ᠬᠠᠭᠠᠵᠤ᠂ ᠬᠦᠢᠲᠡᠨ ᠭᠡᠮ ᠳᠤ ᠲᠠᠭᠠᠷᠢᠬᠳᠠᠬᠤ ᠠᠴᠠ ᠰᠡᠷᠭᠡᠶᠢᠯᠡᠬᠦ ᠬᠡᠷᠡᠭᠲᠡᠢ᠃ ᠨᠠᠮᠤᠷ ᠪᠣᠯᠪᠠᠯ | ᠬᠤᠳᠣᠭᠤᠳᠤ ᠭᠡᠳᠡᠰᠦᠨ ᠤ ᠠᠵᠢᠯᠯᠠᠭ᠎ᠠ ᠠᠨᠠᠢ ᠬᠥᠮᠥᠰ ᠤᠨ ᠬᠤᠳᠣᠭᠤᠳᠤᠨ ᠬᠦᠴᠢᠯ᠂ ᠬᠤᠳᠣᠭᠤᠳᠤ ᠴᠢᠨᠦᠷᠡᠬᠦ᠂ ᠬᠤᠳᠣᠭᠤᠳᠤ ᠡᠪᠡᠳᠬᠦ ᠨᠢ ᠣᠯᠠᠰᠢᠷᠠᠳᠠᠭ᠃ | ᠵᠢᠭᠠᠬᠠᠨ ᠼᠤᠤ ᠲᠠᠢ ᠭᠠ ᠶᠢ ᠳᠡᠪᠲᠦᠭᠡᠵᠦ ᠬᠦᠢᠲᠡᠨ ᠬᠡᠢ ᠶᠢ ᠬᠥᠭᠡᠭᠡᠵᠦ ᠠᠷᠭ᠎ᠠ ᠬᠡᠢ ᠶᠢ ᠳᠡᠭᠡᠭᠰᠢᠯᠡᠭᠦᠯᠦᠨ᠎ᠡ᠂ ᠡᠭᠦᠨ ᠳᠤ ᠰᠢᠨ᠎ᠡ ᠰᠣᠷᠭᠤᠭ ᠲᠦᠭᠦᠬᠡᠢ ᠭᠠ ᠶᠢ | ᠬᠡᠰᠡᠭᠯᠡᠨ ᠬᠡᠷᠴᠢᠵᠦ᠂ ᠵᠢᠵᠢᠭ ᠯᠣᠩᠬᠤ ᠣᠯᠵᠤ ᠼᠤᠤ ᠪᠠᠷ ᠳᠡᠪᠲᠦᠭᠡᠭᠡᠳ ᠥᠷᠯᠥᠭᠡ ᠪᠦᠷᠢ ᠥᠯᠥᠨ ᠢᠶᠠᠷ ᠬᠤᠶᠠᠷ ᠭᠤᠷᠪᠠᠨ ᠬᠡᠰᠡᠭ ᠢ ᠢᠳᠡᠨ᠎ᠡ᠃ ᠢᠯᠠᠩᠭᠤᠶ᠎ᠠ | ᠢᠰᠬᠦᠯᠡᠩ ᠤᠰᠤ ᠪᠠᠷ ᠪᠥᠭᠡᠯᠵᠢᠬᠦ᠂ ᠰᠠᠭᠤᠯᠭᠠᠬᠤ᠂ ᠬᠥᠯ ᠭᠠᠷ ᠳᠠᠭᠠᠷᠠᠳᠠᠭ ᠬᠥᠮᠥᠰ ᠲᠤ ᠡᠨᠡ ᠠᠷᠭ᠎ᠠ ᠮᠠᠰᠢ ᠲᠤᠰᠠᠲᠠᠢ᠃ ᠬᠢᠲᠠᠳ ᠡᠮᠨᠡᠯᠭᠡ ᠶᠢᠨ ᠪᠡᠶ᠎ᠡ | ᠰᠤᠪᠢᠯᠠᠯᠲᠠ ᠶᠢᠨ ᠡᠷᠳᠡᠮᠲᠡᠳ ᠨᠠᠮᠤᠷ ᠤᠨ ᠤᠯᠠᠷᠢᠯ ᠳᠤ ᠥᠷᠯᠥᠭᠡ ᠪᠦᠷᠢ ᠰᠢᠩᠭᠡᠨ ᠪᠤᠳᠠᠭ᠎ᠠ ᠢᠳᠡᠬᠦ ᠶᠢ ᠰᠠᠨᠠᠭᠠᠴᠢᠯᠠᠳᠠᠭ᠂ ᠤᠴᠢᠷ ᠨᠢ ᠨᠠᠮᠤᠷ ᠤᠨ ᠡᠬᠢ ᠪᠠᠷ | ᠳᠡᠯᠢᠭᠦᠦ ᠬᠤᠳᠣᠭᠤᠳᠤ ᠬᠤᠭᠤᠰᠤᠷᠠᠵᠤ᠂ ᠡᠪᠡᠳᠴᠢᠨ ᠢ ᠡᠰᠡᠷᠭᠦᠴᠡᠬᠦ ᠴᠢᠳᠠᠪᠤᠷᠢ ᠮᠠᠭᠤᠳᠠᠳᠠᠭ᠃ ᠡᠨᠡ ᠦᠶ᠎ᠡ ᠳᠤ ᠬᠡᠷᠪᠡ ᠪᠦᠯᠢᠶᠡᠨ ᠢᠳᠡᠭᠡᠨ ᠢᠳᠡᠬᠦ᠂ | ᠣᠨᠴᠠᠭᠠᠶᠢᠯᠠᠨ ᠬᠠᠯᠠᠭᠤᠨ ᠡᠮᠲᠦ ᠬᠤᠭᠤᠯᠠ ᠢᠳᠡᠪᠡᠯ ᠪᠡᠶ᠎ᠡ ᠳᠤ ᠰᠠᠶᠢᠨ᠂ ᠵᠢᠱᠢᠶᠡᠯᠡᠪᠡᠯ ᠰᠠᠷᠠᠨ᠎ᠠ ᠯᠢᠩᠬᠸ᠎ᠠ ᠶᠢᠨ ᠦᠷ᠎ᠡ ᠲᠠᠢ ᠰᠢᠩᠭᠡᠨ ᠪᠤᠳᠠᠭ᠎ᠠ ᠮᠡᠲᠦ᠃ | ᠡᠭᠦᠨ ᠠᠴᠠ ᠭᠠᠳᠠᠨ᠎ᠠ ᠲᠤᠲᠤᠷᠭ᠎ᠠ᠂ ᠰᠢᠯᠦᠬᠡᠢ ᠲᠤᠲᠤᠷᠭ᠎ᠠ ᠨᠢ ᠪᠦᠷ ᠳᠡᠯᠢᠭᠦᠦ ᠬᠤᠳᠣᠭᠤᠳᠤ ᠶᠢ ᠰᠠᠶᠢᠵᠢᠷᠠᠭᠤᠯᠵᠤ᠂ ᠬᠡᠢ ᠶᠢ ᠨᠥᠬᠦᠬᠦ ᠦᠢᠯᠡᠳᠦᠯ ᠢᠶᠠᠷ ᠮᠠᠰᠢ | ᠰᠠᠶᠢᠨ ᠪᠠᠶᠢᠳᠠᠭ᠃ | 4. ᠬᠡᠢ ᠴᠢᠰᠤ ᠶᠢ ᠨᠥᠬᠦᠬᠦ ᠳᠤ ᠡᠷᠲᠡ ᠤᠨᠲᠠᠬᠤ ᠬᠡᠷᠡᠭᠲᠡᠢ | ︽ᠬᠤᠸᠠᠩᠳᠢ ᠶᠢᠨ ᠳᠣᠲᠣᠷ ᠡᠮᠨᠡᠯᠭᠡ︾ ᠳᠤ ᠡᠷᠲᠡ ᠤᠨᠲᠠᠵᠤ ᠡᠷᠲᠡ ᠪᠤᠰᠬᠤ ᠨᠢ ᠨᠠᠮᠤᠷ ᠤᠨ ᠤᠯᠠᠷᠢᠯ ᠤᠨ ᠣᠨᠴᠠᠯᠢᠭ ᠲᠤ ᠵᠣᠬᠢᠴᠠᠬᠤ ᠶᠢᠨ ᠲᠥᠯᠥᠭᠡ | ᠭᠡᠵᠦ ᠲᠡᠮᠳᠡᠭᠯᠡᠵᠡᠢ᠃ ᠣᠷᠣᠢ ᠶᠢᠨ 11 ᠴᠠᠭ ᠠᠴᠠ ᠡᠮᠦᠨ᠎ᠡ ᠤᠨᠲᠠᠵᠤ᠂ ᠥᠷᠯᠥᠭᠡ ᠶᠢᠨ 6 ᠴᠠᠭ ᠤᠨ ᠦᠶ᠎ᠡ ᠪᠠᠷ ᠪᠣᠰᠪᠠᠯ ᠨᠡᠯᠢᠶᠡᠳ ᠲᠣᠬᠢᠷᠠᠮᠵᠢᠲᠠᠢ᠃ | ᠦᠷᠭᠦᠯᠵᠢ ᠰᠥᠨᠢᠵᠢᠨ ᠠᠵᠢᠯᠯᠠᠳᠠᠭ ᠬᠥᠮᠥᠨ ᠴᠠᠭ ᠲᠤᠬᠠᠢ ᠳᠤᠨᠢ ᠴᠢᠨᠠᠷ ᠰᠠᠶᠢᠲᠠᠢ ᠤᠭᠤᠷᠠᠭ ᠪᠣᠯᠣᠨ ᠸᠢᠲ᠋ᠠᠮᠢᠨ A ᠨᠥᠬᠦᠬᠦ ᠬᠡᠷᠡᠭᠲᠡᠢ᠃ ᠣᠷᠣᠢ | ᠤᠨᠲᠠᠬᠤ ᠠᠴᠠ ᠪᠠᠨ ᠡᠮᠦᠨ᠎ᠡ ᠬᠥᠯ ᠢᠶᠠᠨ ᠳᠡᠪᠲᠦᠭᠡᠪᠡᠯ ᠨᠦᠢᠷ ᠬᠤᠯᠵᠢᠬᠤ ᠶᠢ ᠰᠡᠷᠭᠡᠶᠢᠯᠡᠨ᠎ᠡ᠃ ᠡᠭᠦᠨ ᠠᠴᠠ ᠭᠠᠳᠠᠨ᠎ᠠ᠂ ᠥᠪᠡᠷ ᠢ ᠪᠠᠨ ᠲᠣᠬᠢᠷᠠᠭᠤᠯᠬᠤ ᠪᠠᠷ | ᠳᠡᠮᠵᠢᠨ ᠬᠡᠢ ᠴᠢᠰᠤ ᠶᠢ ᠨᠥᠬᠦᠵᠦ ᠪᠣᠯᠣᠨ᠎ᠠ᠂ ᠢᠳᠡᠭᠡᠨ ᠤᠮᠳᠠᠭᠠᠨ ᠤ ᠲᠠᠯ᠎ᠠ ᠪᠠᠷ ᠭᠤᠱᠤᠭᠤᠨ᠂ ᠰᠡᠷᠢᠭᠦᠨ᠂ ᠬᠦᠢᠲᠡᠨ ᠢᠳᠡᠭᠡᠨ ᠢ ᠪᠠᠭ᠎ᠠ ᠢᠳᠡᠵᠦ᠂ ᠰᠢᠩᠭᠡᠨ | ᠰᠢᠮᠡᠯᠢᠭ ᠢᠳᠡᠭᠡᠨ ᠢᠶᠠᠷ ᠭᠤᠣᠯ ᠪᠣᠯᠭᠠᠨ᠎ᠠ᠃ ᠤᠯᠠᠭᠠᠨ ᠴᠢᠪᠠᠭ᠎ᠠ ᠲᠠᠢ ᠥᠨᠳᠡᠭᠡᠨ ᠱᠥᠯᠥ ᠬᠡᠢ ᠴᠢᠰᠤ ᠶᠢ ᠰᠢᠮᠡᠵᠢᠭᠦᠯᠵᠦ ᠴᠢᠳᠠᠨ᠎ᠠ᠃ ᠰᠦᠨ ᠣᠷᠬᠤᠳᠠᠢ 9 ᠭᠷᠡᠮ᠂ | ᠤᠯᠠᠭᠠᠨ ᠴᠢᠪᠠᠭ᠎ᠠ 20 ᠭᠷᠡᠮ᠂ ᠤᠯᠠᠭᠠᠨ ᠪᠤᠷᠴᠠᠭ 20 ᠭᠷᠡᠮ᠂ ᠬᠤᠯᠢᠮ᠎ᠠ ᠶᠢᠨ ᠴᠥᠮ᠎ᠡ 20 ᠭᠷᠡᠮ ᠢ ᠤᠬᠢᠶᠠᠨ ᠴᠡᠪᠡᠷᠯᠡᠭᠡᠳ ᠬᠠᠮᠲᠤ ᠲᠣᠭᠤᠭᠠᠨ ᠳᠠᠭᠠᠨ ᠬᠢᠵᠦ᠂ | ᠪᠤᠷᠠᠮ 20 ᠭᠷᠡᠮ᠂ ᠵᠣᠬᠢᠬᠤ ᠬᠡᠮᠵᠢᠶᠡᠨ ᠤ ᠤᠰᠤ ᠨᠡᠮᠡᠵᠦ ᠴᠢᠨᠠᠵᠤ ᠪᠤᠯᠭᠤᠨ᠎ᠠ᠃ ᠡᠨᠡ ᠨᠢ ᠨᠠᠮᠤᠷ ᠤᠨ ᠰᠡᠷᠢᠭᠦᠦ ᠳᠤ ᠪᠡᠶ᠎ᠡ ᠲᠠᠮᠢᠷᠳᠠᠨ ᠰᠤᠯᠠᠷᠠᠬᠤ ᠶᠢ ᠵᠠᠰᠠᠬᠤ ᠳᠤ | ᠲᠤᠰᠠᠲᠠᠢ᠃ | |