ᠨᠠᠮᠤᠷ ᠤᠨ ᠤᠯᠠᠷᠢᠯ ᠳᠤ ᠠᠭᠤᠷ ᠠᠮᠢᠰᠬᠤᠯ ᠬᠦᠢᠲᠡᠷᠡᠵᠦ᠂ ᠤᠰᠤᠨ ᠤ ᠳᠤᠯᠠᠭᠠᠨ ᠳᠣᠷᠣᠭᠰᠢᠯᠠᠨ᠂ ᠬᠡᠰᠡᠭ ᠭᠠᠵᠠᠷ ᠣᠷᠣᠨ ᠤ ᠳᠤᠯᠠᠭᠠᠨ ᠤ ᠬᠡᠮᠵᠢᠶ᠎ᠡ | ᠭᠡᠨᠡᠳᠲᠡ ᠪᠠᠭᠤᠷᠠᠵᠤ᠂ ᠤᠰᠤᠨ ᠤ ᠣᠷᠴᠢᠨ ᠲᠣᠭᠤᠷᠢᠨ ᠤ ᠬᠤᠪᠢᠷᠠᠯᠲᠠ ᠶᠡᠭᠡ ᠮᠥᠷᠲᠡᠭᠡᠨ ᠪᠤᠳᠤᠯᠢᠶᠠᠨᠲᠠᠢ ᠪᠠᠶᠢᠵᠤ᠂ ᠤᠰᠤᠨ ᠤ ᠭᠠᠷᠤᠯᠲᠠ ᠶᠢᠨ ᠠᠮᠢᠲᠠᠨ ᠤ | ᠡᠪᠡᠳᠴᠢᠯᠡᠬᠦ ᠨᠣᠷᠮ᠎ᠠ ᠪᠠ ᠦᠬᠦᠬᠦ ᠨᠣᠷᠮ᠎ᠠ ᠨᠡᠯᠢᠶᠡᠳ ᠥᠨᠳᠥᠷ ᠪᠤᠯᠳᠠᠭ᠃ ᠨᠠᠮᠤᠷ ᠤᠨ ᠤᠯᠠᠷᠢᠯ ᠤᠨ ᠤᠰᠤᠨ ᠤ ᠭᠠᠷᠤᠯᠲᠠ ᠶᠢᠨ ᠲᠡᠵᠢᠭᠡᠨ ᠦᠷᠡᠵᠢᠭᠦᠯᠬᠦ | ᠦᠢᠯᠡᠳᠪᠦᠷᠢᠯᠡᠯ ᠤᠨ ᠬᠠᠮᠢᠶᠠᠷᠤᠯᠲᠠ ᠶᠢ ᠰᠠᠶᠢᠲᠤᠷ ᠬᠢᠬᠦ ᠪᠣᠯ ᠲᠡᠵᠢᠭᠡᠨ ᠦᠷᠡᠵᠢᠭᠦᠯᠬᠦ ᠦᠢᠯᠡᠰ ᠤᠨ ᠭᠠᠷᠤᠯᠲᠠ ᠶᠢ ᠨᠡᠮᠡᠭᠳᠡᠭᠦᠯᠬᠦ᠂ ᠲᠠᠷᠢᠶᠠᠴᠢᠳ ᠤᠨ ᠣᠷᠣᠯᠭ᠎ᠠ ᠶᠢ | ᠨᠡᠮᠡᠭᠳᠡᠭᠦᠯᠬᠦ ᠶᠢᠨ ᠵᠠᠩᠭᠢᠯᠠᠭ᠎ᠠ ᠪᠣᠯᠣᠨ᠎ᠠ᠃ | 1. ᠢᠳᠡᠰᠢ ᠶᠢᠨ ᠬᠠᠮᠢᠶᠠᠷᠤᠯᠲᠠ᠄ ᠨᠠᠮᠤᠷ ᠤᠨ ᠡᠬᠢᠨ ᠤ ᠬᠤᠭᠤᠴᠠᠭᠠᠨ ᠳᠤ ᠠᠭᠤᠷ ᠠᠮᠢᠰᠬᠤᠯ ᠬᠦᠢᠲᠡᠷᠡᠵᠦ᠂ ᠤᠰᠤᠨ ᠤ ᠳᠤᠯᠠᠭᠠᠨ ᠨᠢ ᠲᠡᠵᠢᠭᠡᠨ | ᠦᠷᠡᠵᠢᠭᠦᠯᠬᠦ ᠵᠢᠭᠠᠰᠤᠨ ᠤ ᠲᠥᠷᠥᠯ ᠤᠨ ᠲᠦᠷᠭᠡᠨ ᠪᠤᠶᠢᠵᠢᠯᠲᠠ ᠳᠤ ᠲᠣᠬᠢᠷᠠᠨ᠎ᠠ᠂ ᠲᠡᠵᠢᠭᠡᠬᠦ ᠳᠡᠭᠡᠨ ︽ᠳᠥᠷᠪᠡ ᠶᠢ ᠲᠣᠭᠲᠠᠭᠠᠬᠤ︾ ᠵᠠᠷᠴᠢᠮ ︵ᠴᠢᠨᠠᠷ ᠢ | ᠲᠣᠭᠲᠠᠭᠠᠬᠤ᠂ ᠬᠡᠮᠵᠢᠶ᠎ᠡ ᠶᠢ ᠲᠣᠭᠲᠠᠭᠠᠬᠤ᠂ ᠲᠣᠭᠲᠠᠭᠰᠠᠨ ᠴᠡᠭ ᠢ ᠲᠣᠭᠲᠠᠭᠠᠬᠤ᠂ ᠲᠣᠭᠲᠠᠭᠰᠠᠨ ᠴᠠᠭ ᠢ ᠲᠣᠭᠲᠠᠭᠠᠬᠤ︶ ᠶᠣᠰᠣᠭᠠᠷ ᠶᠠᠪᠤᠭᠳᠠᠭᠤᠯᠤᠨ᠎ᠠ᠃ | ᠢᠳᠡᠭᠦᠯᠬᠦ ᠤᠳᠠᠭ᠎ᠠ ᠪᠠ ᠢᠳᠡᠭᠦᠯᠬᠦ ᠬᠡᠮᠵᠢᠶ᠎ᠡ ᠶᠢ ᠴᠠᠭ ᠠᠭᠤᠷ᠂ ᠤᠰᠤᠨ ᠤ ᠳᠤᠯᠠᠭᠠᠨ᠂ ᠲᠡᠵᠢᠭᠡᠨ ᠦᠷᠡᠵᠢᠭᠦᠯᠬᠦ ᠤᠰᠤᠨ ᠴᠣᠭᠴᠠ ᠶᠢᠨ ᠤᠰᠤᠨ ᠤ ᠴᠢᠨᠠᠷ᠂ | ᠲᠡᠵᠢᠭᠡᠨ ᠦᠷᠡᠵᠢᠭᠦᠯᠬᠦ ᠵᠢᠭᠠᠰᠤᠨ ᠤ ᠲᠥᠷᠥᠯ ᠤᠨ ᠢᠳᠡᠰᠢᠯᠡᠬᠦ ᠪᠠᠶᠢᠳᠠᠯ ᠵᠡᠷᠭᠡ ᠶᠢ ᠦᠨᠳᠦᠰᠦᠯᠡᠨ ᠴᠠᠭ ᠲᠤᠬᠠᠢ ᠳᠤᠨᠢ ᠲᠣᠬᠢᠷᠠᠭᠤᠯᠤᠯᠲᠠ ᠬᠢᠵᠦ᠂ ᠢᠳᠡᠭᠦᠯᠬᠦ | ᠬᠡᠮᠵᠢᠶ᠎ᠡ ᠶᠢ ᠲᠡᠵᠢᠭᠡᠨ ᠦᠷᠡᠵᠢᠭᠦᠯᠵᠦ ᠪᠠᠶᠢᠭ᠎ᠠ ᠵᠢᠭᠠᠰᠤᠨ ᠤ ᠲᠥᠷᠥᠯ ᠤᠨ 7 — 8 ᠬᠤᠪᠢ ᠶᠢᠨ ᠴᠠᠳᠬᠤ ᠬᠡᠮᠵᠢᠶᠡᠨ ᠳᠤ ᠬᠦᠷᠦᠭᠦᠯᠪᠡᠯ ᠵᠣᠬᠢᠨ᠎ᠠ᠃ | ᠨᠠᠮᠤᠷ ᠤᠨ ᠳᠤᠮᠳᠠᠴᠢ ᠰᠡᠭᠦᠯᠴᠢ ᠪᠤᠯᠵᠤ ᠤᠰᠤᠨ ᠤ ᠳᠤᠯᠠᠭᠠᠨ ᠠᠭᠠᠵᠢᠮ ᠢᠶᠠᠷ ᠪᠠᠭᠤᠷᠠᠬᠤ ᠳᠤ ᠵᠢᠭᠠᠰᠤᠨ ᠤ ᠢᠳᠡᠰᠢᠯᠡᠬᠦ ᠬᠡᠮᠵᠢᠶ᠎ᠡ ᠴᠦ ᠪᠠᠭᠠᠰᠳᠠᠭ ᠲᠤᠯᠠ | ᠢᠳᠡᠭᠦᠯᠬᠦ ᠤᠳᠠᠭ᠎ᠠ ᠪᠠ ᠢᠳᠡᠭᠦᠯᠬᠦ ᠬᠡᠮᠵᠢᠶ᠎ᠡ ᠶᠢ ᠪᠠᠭᠠᠰᠬᠠᠵᠤ᠂ ᠵᠢᠭᠠᠰᠤᠨ ᠤ ᠡᠪᠦᠯᠵᠢᠬᠦ ᠳᠤ ᠭᠦᠢᠴᠡᠳ ᠰᠢᠮ᠎ᠡ ᠲᠡᠵᠢᠭᠡᠯ ᠪᠠ ᠡᠨᠧᠷᠭᠢ ᠨᠥᠭᠡᠴᠡᠯᠡᠵᠦ ᠥᠭᠭᠦᠨ᠎ᠡ᠃ | | 2. ᠤᠰᠤᠨ ᠤ ᠴᠢᠨᠠᠷ ᠤᠨ ᠬᠠᠮᠢᠶᠠᠷᠤᠯᠲᠠ᠄ ᠶᠡᠷᠦ ᠳᠡᠭᠡᠨ 7 — 10 ᠡᠳᠦᠷ ᠲᠤ ᠨᠢᠭᠡ ᠤᠳᠠᠭ᠎ᠠ ᠰᠢᠨ᠎ᠡ ᠤᠰᠤ ᠨᠡᠮᠡᠵᠦ᠂ ᠤᠳᠠᠭ᠎ᠠ ᠪᠦᠷᠢ 20 | ᠰᠡᠨᠲ᠋ᠢᠮᠧᠲᠷ ᠠᠴᠠ ᠬᠡᠲᠦᠷᠡᠭᠦᠯᠵᠦ ᠪᠣᠯᠬᠤ ᠦᠭᠡᠢ᠂ ᠵᠢᠭᠠᠰᠤᠨ ᠴᠥᠭᠦᠷᠥᠮ ᠤᠨ ᠤᠰᠤᠨ ᠤ ᠲᠦᠪᠰᠢᠨ ᠢ ᠨᠡᠯᠢᠶᠡᠳ ᠥᠨᠳᠥᠷ ᠲᠦᠪᠰᠢᠨ ᠳᠤ ᠪᠠᠶᠢᠯᠭᠠᠵᠤ᠂ | ᠵᠢᠭᠠᠰᠤᠨ ᠴᠥᠭᠦᠷᠥᠮ ᠤᠨ ᠵᠢᠭᠠᠰᠤᠨ ᠤ ᠳᠠᠭᠠᠭᠠᠴᠠ ᠶᠢ ᠳᠡᠭᠡᠭᠰᠢᠯᠡᠭᠦᠯᠬᠦ ᠶᠢᠨ ᠬᠠᠮᠲᠤ ᠤᠰᠤᠨ ᠤ ᠳᠤᠯᠠᠭᠠᠨ ᠤ ᠬᠡᠯᠪᠡᠯᠵᠡᠯᠲᠡ ᠶᠢ ᠪᠦᠲᠦᠮᠵᠢᠲᠡᠶ | ᠤᠳᠠᠭᠠᠰᠢᠷᠠᠭᠤᠯᠤᠨ᠎ᠠ᠃ ᠰᠢᠨ᠎ᠡ ᠤᠰᠤ ᠨᠡᠮᠡᠬᠦ ᠦᠶ᠎ᠡ ᠳᠤ᠂ ᠠᠯᠢ ᠴᠢᠳᠠᠬᠤ ᠪᠠᠷ ᠤᠰᠤᠨ ᠤ ᠢᠷᠤᠭᠠᠷ ᠢ ᠬᠦᠴᠦᠲᠡᠢ ᠬᠥᠨᠳᠡᠬᠦ ᠠᠴᠠ ᠵᠠᠶᠢᠯᠠᠰᠬᠢᠨ᠎ᠡ᠃ ᠣᠷᠣᠢ ᠤᠰᠤ | ᠨᠡᠮᠡᠬᠦ ᠠᠴᠠ ᠪᠣᠯᠵᠤ ᠴᠥᠭᠦᠷᠥᠮ ᠤᠨ ᠤᠰᠤᠨ ᠳᠤ ᠬᠦᠴᠢᠯᠲᠥ᠋ᠷᠥᠭᠴᠢ ᠳᠤᠲᠠᠬᠤ ᠠᠴᠠ ᠵᠶᠢᠯᠠᠰᠬᠢᠨᠡ᠃ ᠬᠦᠴᠢᠯᠲᠥ᠋ᠷᠥᠭᠴᠢ ᠨᠡᠮᠡᠭᠳᠡᠭᠦᠯᠬᠦ ᠮᠠᠰᠢᠨ ᠢ ᠵᠣᠬᠢᠰᠲᠠᠢ | ᠬᠡᠷᠡᠭᠯᠡᠨ ᠵᠢᠭᠠᠰᠤᠨ ᠴᠥᠭᠦᠷᠥᠮ ᠤᠨ ᠬᠦᠴᠢᠯᠲᠥ᠋ᠷᠥᠭᠴᠢ ᠠᠭᠤᠰᠬᠠᠬᠤ ᠬᠡᠮᠵᠢᠶ᠎ᠡ ᠶᠢ ᠨᠡᠮᠡᠭᠳᠡᠭᠦᠯᠦᠨ᠎ᠡ᠂ ᠶᠡᠷᠦ ᠳᠡᠭᠡᠨ ᠲᠤᠩᠭᠠᠯᠠᠭ ᠡᠳᠦᠷ ᠤᠨ ᠦᠳᠡ ᠳᠤ᠂ ᠪᠦᠷᠬᠦᠭ | ᠪᠣᠷᠣᠭᠠᠨ ᠲᠠᠢ ᠡᠳᠦᠷ ᠤᠨ ᠥᠷᠯᠥᠭᠡ᠂ ᠪᠦᠷᠬᠦᠭ ᠪᠣᠷᠣᠭᠠᠨ ᠲᠠᠢ ᠡᠳᠦᠷ ᠤᠨ ᠰᠥᠨᠢ ᠳᠤ 2 — 3 ᠴᠠᠭ ᠨᠡᠭᠡᠭᠡᠨ᠎ᠡ᠃ ᠪᠦᠬᠦᠯᠢ 24 ᠴᠠᠭ ᠲᠤ ᠴᠥᠭᠦᠷᠥᠮ ᠤᠨ | ᠤᠰᠤᠨ ᠳᠤ ᠠᠭᠤᠰᠬᠤ ᠬᠦᠴᠢᠯᠲᠥ᠋ᠷᠥᠭᠴᠢ ᠶᠢ 5mg/L ᠠᠴᠠ ᠳᠡᠭᠡᠭᠰᠢ ᠪᠠᠶᠢᠯᠭᠠᠬᠤ ᠶᠢ ᠪᠠᠲᠤᠯᠠᠨ᠎ᠠ᠃ ᠤᠰᠤᠨ ᠤ ᠴᠢᠨᠠᠷ ᠢ ᠬᠢᠨᠠᠨ ᠬᠡᠮᠵᠢᠬᠦ ᠶᠢ ᠴᠢᠩᠭᠠᠳᠬᠠᠵᠤ᠂ | ᠴᠥᠭᠦᠷᠥᠮ ᠤᠨ ᠤᠰᠤᠨ ᠤ ᠬᠦᠴᠢᠯᠲᠥ᠋ᠷᠥᠭᠴᠢ ᠠᠭᠤᠰᠬᠠᠬᠤ᠂ pH ᠬᠡᠮᠵᠢᠭᠳᠡᠯ᠂ ᠰᠢᠪᠲᠦᠷᠲᠦ ᠠᠽᠣᠲ᠂ ᠳᠤᠲᠠᠭᠤ ᠠᠽᠣᠲ ᠬᠦᠴᠢᠯ ᠤᠨ ᠳᠠᠪᠤᠰᠤ᠂ | ᠲᠤᠩᠭᠠᠯᠠᠭ ᠤᠨ ᠬᠡᠮᠵᠢᠶ᠎ᠡ ᠵᠡᠷᠭᠡ ᠭᠦᠢᠴᠡᠳᠬᠡᠯ ᠲᠤᠭ᠎ᠠ ᠶᠢ ᠲᠣᠭᠲᠠᠮᠠᠯ ᠬᠤᠭᠤᠴᠠᠭ᠎ᠠ ᠲᠠᠢ ᠪᠠᠷ ᠪᠠᠶᠢᠴᠠᠭᠠᠨ ᠰᠢᠯᠭᠠᠵᠤ᠂ ᠬᠡᠪ ᠤᠨ ᠪᠤᠰᠤ ᠪᠠᠶᠢᠳᠠᠯ ᠢ ᠣᠯᠵᠤ ᠮᠡᠳᠡᠪᠡᠯ | ᠴᠠᠭ ᠲᠤᠬᠠᠢ ᠳᠤᠨᠢ ᠤᠰᠤ ᠰᠣᠯᠢᠬᠤ᠂ ᠬᠦᠴᠢᠯᠲᠥ᠋ᠷᠥᠭᠴᠢ ᠨᠡᠮᠡᠭᠳᠡᠭᠦᠯᠬᠦ᠂ ᠠᠷᠢᠭᠤᠳᠬᠠᠬᠤ ᠵᠡᠷᠭᠡ ᠠᠷᠭᠠᠴᠠᠭᠠᠬᠤ ᠠᠷᠭ᠎ᠠ ᠬᠡᠮᠵᠢᠶ᠎ᠡ ᠠᠪᠴᠤ᠂ ᠵᠢᠭᠠᠰᠤᠨ | ᠴᠥᠭᠦᠷᠥᠮ ᠤᠨ ᠤᠰᠤᠨ ᠤ ᠴᠢᠨᠠᠷ ᠤᠨ ᠲᠣᠭᠲᠠᠭᠤᠨ ᠪᠠᠶᠢᠬᠤ ᠶᠢ ᠦᠨᠡᠨ ᠬᠦ ᠪᠠᠲᠤᠯᠠᠬᠤ ᠬᠡᠷᠡᠭᠲᠡᠢ᠃ | 3. ᠡᠳᠦᠷ ᠲᠤᠳᠤᠮ ᠤᠨ ᠬᠠᠮᠢᠶᠠᠷᠤᠯᠲᠠ᠄ ᠡᠳᠦᠷ ᠪᠦᠷᠢ ᠦᠷᠯᠦᠭᠡ ᠡᠷᠲᠡ᠂ ᠦᠳᠡ᠂ ᠣᠷᠣᠢ ᠨᠠᠭᠤᠷ ᠲᠣᠭᠤᠷᠢᠵᠤ᠂ ᠵᠢᠭᠠᠰᠤᠨ ᠤ ᠠᠵᠢᠯᠯᠠᠭ᠎ᠠ᠂ | ᠢᠳᠡᠵᠦ ᠪᠠᠶᠢᠭ᠎ᠠ ᠪᠠᠶᠢᠳᠠᠯ ᠵᠡᠷᠭᠡ ᠪᠠᠶᠢᠳᠠᠯ ᠢ ᠠᠵᠢᠭᠯᠠᠵᠤ᠂ ᠡᠭᠦᠨ ᠢ ᠦᠨᠳᠦᠰᠦᠯᠡᠨ ᠲᠡᠵᠢᠭᠡᠬᠦ᠂ ᠤᠰᠤᠨ ᠤ ᠴᠢᠨᠠᠷ ᠢ ᠬᠠᠮᠢᠶᠠᠷᠬᠤ ᠵᠡᠷᠭᠡ ᠠᠷᠭ᠎ᠠ ᠬᠡᠮᠵᠢᠶ᠎ᠡ ᠶᠢ | ᠲᠣᠬᠢᠷᠠᠭᠤᠯᠤᠨ᠎ᠠ᠃ ᠤᠰᠤᠨ ᠳᠣᠲᠣᠷᠠᠬᠢ ᠦᠬᠦᠭᠰᠡᠨ ᠵᠢᠭᠠᠰᠤ᠂ ᠪᠤᠵᠠᠷ ᠡᠪᠡᠰᠦ᠂ ᠬᠥᠪᠥᠮᠡᠯ ᠪᠣᠳᠠᠰ ᠵᠡᠷᠭᠡ ᠶᠢ ᠴᠠᠭ ᠲᠤᠬᠠᠢ ᠳᠤᠨᠢ ᠴᠡᠪᠡᠷᠯᠡᠨ ᠠᠷᠢᠯᠭᠠᠵᠤ᠂ | ᠤᠰᠤᠨ ᠤ ᠴᠢᠨᠠᠷ ᠮᠠᠭᠤᠳᠠᠬᠤ ᠠᠴᠠ ᠰᠡᠷᠭᠡᠶᠢᠯᠡᠬᠦ ᠬᠡᠷᠡᠭᠲᠡᠢ᠃ ᠴᠥᠭᠦᠷᠥᠮ ᠤᠨ ᠤᠰᠤᠨ ᠳᠤ ᠬᠦᠴᠢᠯᠲᠥ᠋ᠷᠥᠭᠴᠢ ᠠᠭᠤᠰᠤᠭᠰᠠᠨ ᠪᠠᠶᠢᠳᠠᠯ ᠢ ᠭᠤᠣᠯᠳᠠᠯᠭ᠎ᠠ ᠲᠠᠢ | ᠪᠠᠶᠢᠴᠠᠭᠠᠵᠤ᠂ ᠵᠢᠭᠠᠰᠤᠨ ᠤ ᠲᠥᠷᠥᠯ ᠤᠨ ᠤᠷᠢᠳᠤ ᠰᠥᠨᠢ ᠠᠴᠠ ᠳᠠᠷᠠᠭ᠎ᠠ ᠡᠳᠦᠷ ᠤᠨ ᠦᠷ ᠴᠠᠶᠢᠲᠠᠯ᠎ᠠ ᠲᠣᠯᠣᠭᠠᠢ ᠪᠠᠨ ᠴᠣᠬᠤᠶᠢᠯᠭᠠᠬᠤ᠂ ᠵᠢᠭᠠᠰᠤ ᠶᠡᠭᠡ | ᠬᠡᠮᠵᠢᠶ᠎ᠡ ᠪᠠᠷ ᠦᠬᠦᠬᠦ ᠠᠴᠠ ᠰᠡᠷᠭᠡᠶᠢᠯᠡᠨ᠎ᠡ᠃ ᠵᠢᠭᠠᠰᠤᠨ ᠤ ᠰᠦᠷᠦᠭ ᠨᠢ ᠲᠣᠯᠣᠭᠠᠢ ᠪᠠᠨ ᠴᠣᠬᠤᠶᠢᠯᠭᠠᠬᠤ ᠰᠢᠨᠵᠢ ᠲᠠᠢ ᠦᠶ᠎ᠡ ᠳᠤ ᠳᠠᠷᠤᠢ ᠲᠦᠷᠭᠡᠨ | ᠬᠦᠴᠢᠯᠲᠥ᠋ᠷᠥᠭᠴᠢ ᠨᠡᠮᠡᠭᠳᠡᠭᠦᠯᠬᠦ ᠮᠠᠰᠢᠨ ᠢᠶᠠᠨ ᠨᠡᠭᠡᠭᠡᠨ᠎ᠡ᠃ ᠬᠦᠴᠢᠯᠲᠥ᠋ᠷᠥᠭᠴᠢ ᠨᠡᠮᠡᠭᠳᠡᠭᠦᠯᠬᠦ ᠮᠠᠰᠢᠨ ᠲᠣᠬᠢᠷᠠᠭᠤᠯᠤᠭᠰᠠᠨ ᠦᠭᠡᠢ ᠪᠤᠶᠤ ᠴᠠᠬᠢᠯᠭᠠᠨ ᠵᠣᠭᠰᠣᠬᠤ | ᠠᠶᠤᠯ ᠲᠠᠢ ᠪᠠᠶᠢᠪᠠᠯ᠂ ᠰᠢᠨ᠎ᠡ ᠤᠰᠤ ᠨᠡᠮᠡᠬᠦ ᠪᠤᠶᠤ ᠪᠦᠬᠦ ᠲᠠᠲᠠᠭᠠᠯ ᠳᠤ ᠬᠦᠴᠢᠯᠲᠥ᠋ᠷᠥᠭᠴᠢ ᠨᠡᠮᠡᠭᠳᠡᠭᠦᠯᠬᠦ ᠡᠳ᠋ ᠰᠠᠴᠤᠬᠤ ᠠᠷᠭ᠎ᠠ ᠪᠠᠷ ᠬᠦᠴᠢᠯᠲᠥ᠋ᠷᠥᠭᠴᠢ ᠶᠢ | ᠨᠡᠮᠡᠭᠳᠡᠭᠦᠯᠦᠨ᠎ᠡ᠃ ᠠᠯᠢ ᠴᠢᠳᠠᠬᠤ ᠪᠠᠷ ᠵᠢᠭᠠᠰᠤᠨ ᠤ ᠪᠡᠶ᠎ᠡ ᠰᠢᠷᠬᠠᠲᠤᠬᠤ ᠠᠴᠠ ᠵᠠᠶᠢᠯᠠᠰᠬᠢᠵᠦ᠂ ᠵᠢᠭᠠᠰᠤᠨ ᠤ ᠪᠡᠶ᠎ᠡ ᠰᠢᠷᠬᠠᠲᠤᠭᠰᠠᠨ ᠪᠠᠶᠢᠪᠠᠯ ᠳᠠᠷᠦ᠋ᠢᠬᠠᠨ | ᠠᠷᠢᠭᠤᠳᠬᠠᠬᠤ ᠠᠷᠭ᠎ᠠ ᠬᠡᠮᠵᠢᠶ᠎ᠡ ᠠᠪᠤᠨ᠎ᠠ᠃ ᠰᠥᠨᠢ ᠳᠡᠭᠡᠨ ᠬᠤᠯᠠᠭᠠᠢ ᠶᠢ ᠰᠡᠷᠭᠡᠶᠢᠯᠡᠬᠦ ᠲᠣᠭᠤᠷᠢᠨ ᠪᠠᠶᠢᠴᠠᠭᠠᠯᠲᠠ ᠶᠢ ᠴᠢᠩᠭᠠᠳᠬᠠᠬᠤ ᠬᠡᠷᠡᠭᠲᠡᠢ᠃ | 4. ᠴᠠᠭ ᠲᠤᠨᠢ ᠲᠣᠬᠢᠷᠠᠭᠤᠯᠤᠨ ᠠᠩᠨᠠᠨ᠎ᠠ᠄ ᠵᠠᠬ᠎ᠠ ᠳᠡᠯᠭᠡᠭᠦᠷ ᠤᠨ ᠬᠤᠳᠠᠯᠳᠤᠬᠤ ᠦᠨ᠎ᠡ ᠶᠢ ᠦᠨᠳᠦᠰᠦᠯᠡᠨ᠂ ᠴᠠᠭ ᠲᠤᠨᠢ ᠲᠣᠬᠢᠷᠠᠭᠤᠯᠤᠨ ᠵᠠᠬ᠎ᠠ | ᠳᠡᠯᠭᠡᠭᠦᠷ ᠲᠤ ᠭᠠᠷᠭᠠᠬᠤ ᠪᠠᠷᠢᠮᠵᠢᠶ᠎ᠠ ᠳᠤ ᠬᠦᠷᠦᠭᠰᠡᠨ ᠲᠣᠮᠣ ᠵᠢᠭᠠᠰᠤ ᠶᠢ ᠠᠩᠨᠠᠨ᠎ᠠ᠂ ᠢᠩᠭᠢᠪᠡᠯ ᠵᠢᠭᠠᠰᠤᠨ ᠴᠥᠭᠦᠷᠥᠮ ᠳᠠᠬᠢ ᠲᠡᠵᠢᠭᠡᠨ ᠦᠷᠡᠵᠢᠭᠦᠯᠬᠦ ᠵᠢᠭᠠᠰᠤᠨ ᠤ | ᠲᠥᠷᠥᠯ ᠤᠨ ᠨᠢᠭᠲᠠᠴᠠ ᠶᠢ ᠪᠠᠭᠤᠷᠠᠭᠤᠯᠵᠤ᠂ ᠵᠢᠭᠠᠰᠤᠨ ᠴᠥᠭᠦᠷᠥᠮ ᠤᠨ ᠵᠢᠭᠠᠰᠤᠨ ᠤ ᠳᠠᠭᠠᠭᠠᠴᠠ ᠶᠢᠨ ᠳᠠᠷᠤᠯᠲᠠ ᠶᠢ ᠪᠠᠭᠤᠷᠠᠭᠤᠯᠤᠨ᠂ ᠦᠯᠡᠳᠡᠭᠰᠡᠨ ᠲᠡᠵᠢᠭᠡᠨ | ᠦᠷᠡᠵᠢᠭᠦᠯᠬᠦ ᠵᠢᠭᠠᠰᠤᠨ ᠤ ᠲᠥᠷᠥᠯ ᠤᠨ ᠥᠰᠦᠯᠲᠡ ᠶᠢ ᠠᠬᠢᠭᠤᠯᠤᠨ᠎ᠠ᠃ ᠡᠭᠦᠨ ᠤ ᠬᠠᠮᠲᠤ ᠲᠠᠸᠠᠷ ᠤᠨ ᠵᠢᠭᠠᠰᠤᠨ ᠤ ᠵᠠᠬ᠎ᠠ ᠳᠡᠯᠭᠡᠭᠦᠷ ᠲᠤ ᠲᠥᠪᠯᠡᠷᠡᠨ ᠭᠠᠷᠬᠤ | ᠣᠷᠭᠢᠯ ᠤᠨ ᠬᠤᠭᠤᠴᠠᠭ᠎ᠠ ᠠᠴᠠ ᠵᠠᠶᠢᠯᠠᠰᠬᠢᠨ᠎ᠡ᠃ ᠠᠩᠨᠠᠬᠤ ᠠᠴᠠ ᠡᠮᠦᠨ᠎ᠡ ᠨᠢᠭᠡ ᠡᠳᠦᠷ ᠤᠨ ᠡᠮᠦᠨ᠎ᠡ᠂ ᠲᠡᠵᠢᠭᠡᠬᠦ ᠪᠠᠨ ᠵᠣᠭᠰᠣᠬᠤ ᠪᠤᠶᠤ ᠲᠡᠵᠢᠭᠡᠬᠦ ᠶᠢ ᠨᠢ | ᠪᠠᠭᠠᠰᠬᠠᠨ᠎ᠠ᠂ ᠵᠢᠭᠠᠰᠤ ᠴᠠᠳᠲᠠᠯ᠎ᠠ ᠢᠳᠡᠪᠡᠯ ᠥᠭᠡᠰᠢ ᠲᠠᠲᠠᠬᠤ᠂ ᠵᠥᠭᠡᠭᠡᠪᠦᠷᠢᠯᠡᠬᠦ ᠶᠠᠪᠤᠴᠠ ᠳᠤ ᠠᠮᠠᠷᠬᠠᠨ ᠦᠬᠦᠳᠡᠭ᠃ ᠠᠩᠨᠠᠬᠤ ᠠᠴᠠ ᠡᠮᠦᠨ᠎ᠡ ᠨᠢᠭᠡ ᠡᠳᠦᠷ ᠤᠨ | ᠳᠣᠲᠣᠷ᠎ᠠ ᠲᠡᠵᠢᠭᠡᠬᠦ ᠪᠠᠨ ᠵᠣᠭᠰᠣᠨ᠎ᠠ᠃ ᠠᠩᠨᠠᠬᠤ ᠳᠠᠭᠠᠨ ᠴᠠᠭ ᠠᠭᠤᠷ ᠨᠢ ᠲᠤᠩᠭᠠᠯᠠᠭ ᠰᠠᠶᠢᠬᠠᠨ᠂ ᠤᠰᠤᠨ ᠤ ᠳᠤᠯᠠᠭᠠᠨ ᠨᠢ ᠲᠣᠬᠢᠷᠠᠮᠵᠢᠲᠠᠢ᠂ ᠬᠦᠴᠢᠯᠲᠥ᠋ᠷᠥᠭᠴᠢ | ᠠᠭᠤᠰᠬᠤ ᠨᠢ ᠨᠡᠯᠢᠶᠡᠳ ᠥᠨᠳᠥᠷ᠂ ᠵᠢᠭᠠᠰᠤ ᠲᠣᠯᠣᠭᠠᠢ ᠪᠠᠨ ᠴᠣᠬᠤᠶᠢᠯᠭᠠᠬᠤ ᠦᠭᠡᠢ ᠦᠷ ᠴᠠᠶᠢᠬᠤ ᠦᠶ᠎ᠡ ᠳᠤ ᠠᠩᠨᠠᠳᠠᠭ᠃ ᠪᠦᠭᠴᠢᠮ᠎ᠡ ᠬᠠᠯᠠᠭᠤᠨ᠂ ᠣᠷᠣᠢ | ᠪᠣᠯᠬᠤ ᠳᠤ ᠵᠢᠭᠠᠰᠤ ᠲᠣᠯᠣᠭᠠᠢ ᠪᠠᠨ ᠴᠣᠬᠤᠶᠢᠯᠭᠠᠬᠤ ᠦᠶ᠎ᠡ ᠳᠤ ᠥᠭᠡᠰᠢ ᠲᠠᠲᠠᠵᠤ ᠠᠩᠨᠠᠵᠤ ᠱᠦᠭᠦᠵᠦ ᠪᠣᠯᠬᠤ ᠦᠭᠡᠢ᠃ ᠲᠣᠣᠷ ᠲᠠᠲᠠᠭᠰᠠᠨ ᠤ ᠳᠠᠷᠠᠭ᠎ᠠ | ᠬᠦᠴᠢᠯᠲᠥ᠋ᠷᠥᠭᠴᠢ ᠨᠡᠮᠡᠬᠦ ᠮᠠᠰᠢᠨ ᠢ ᠴᠠᠭ ᠲᠤᠬᠠᠢ ᠳᠤᠨᠢ ᠨᠡᠭᠡᠭᠡᠵᠦ᠂ ᠵᠣᠬᠢᠬᠤ ᠬᠡᠮᠵᠢᠶᠡᠨ ᠤ ᠰᠢᠨ᠎ᠡ ᠤᠰᠤ ᠨᠡᠮᠡᠵᠦ ᠣᠷᠣᠭᠤᠯᠤᠨ᠎ᠠ᠃ ᠡᠳᠦᠷ ᠪᠦᠷᠢ ᠵᠢᠭᠠᠰᠤᠨ | ᠴᠥᠭᠦᠷᠥᠮ ᠤᠨ ᠬᠥᠪᠡᠭᠡ ᠪᠠᠷ ᠵᠢᠭᠠᠰᠤᠨ ᠤ ᠠᠵᠢᠯᠯᠠᠭ᠎ᠠ ᠶᠢᠨ ᠪᠠᠶᠢᠳᠠᠯ᠂ ᠢᠳᠡᠵᠦ ᠪᠠᠶᠢᠭ᠎ᠠ ᠪᠠᠶᠢᠳᠠᠯ᠂ ᠪᠡᠶ᠎ᠡ ᠶᠢᠨ ᠥᠩᠭᠡ ᠵᠡᠷᠭᠡ ᠶᠢ ᠪᠠᠶᠢᠴᠠᠭᠠᠨ᠎ᠠ᠃ | ᠠᠵᠢᠭᠯᠠᠬᠤ ᠳᠤ ᠠᠮᠢᠵᠢᠷᠠᠯ ᠤᠨ ᠬᠦᠴᠦᠨ ᠢᠶᠠᠷ ᠠᠨᠠᠢ᠂ ᠵᠠᠶᠢᠯᠠᠬᠤ ᠲᠤᠰᠬᠠᠯ ᠨᠢ ᠪᠠᠭᠤᠷᠠᠢ᠂ ᠪᠡᠶ᠎ᠡ ᠶᠢᠨ ᠥᠩᠭᠡ ᠨᠢ ᠪᠦᠳᠡᠭᠢ ᠪᠤᠶᠤ ᠬᠠᠷᠠᠯᠠᠵᠤ᠂ ᠵᠢᠭᠠᠰᠤᠨ ᠤ | ᠪᠡᠶ᠎ᠡ ᠶᠢᠨ ᠭᠠᠳᠠᠷ ᠪᠠᠶᠢᠳᠠᠯ ᠨᠢ ᠳᠤᠲᠠᠭᠤ᠂ ᠴᠠᠶᠢᠷᠠᠬᠤ᠂ ᠲᠣᠯᠣᠭᠠᠢ ᠪᠠᠨ ᠴᠣᠬᠤᠶᠢᠯᠭᠠᠬᠤ᠂ ᠰᠦᠷᠦᠭ ᠠᠴᠠ ᠪᠠᠨ ᠰᠠᠯᠬᠤ᠂ ᠮᠠᠩᠰᠢᠭᠤᠷᠠᠨ ᠤᠨᠲᠠᠵᠤ ᠬᠥᠳᠡᠯᠬᠦ | ᠦᠭᠡᠢ᠂ ᠢᠳᠡᠰᠢ ᠭᠤᠯᠣᠵᠤ ᠪᠠᠶᠢᠪᠠᠯ ᠵᠢᠭᠠᠰᠤᠨ ᠤ ᠡᠷᠡᠭᠦᠯ ᠮᠡᠨᠳᠦ ᠳᠤ ᠠᠰᠠᠭᠤᠳᠠᠯ ᠭᠠᠷᠤᠭᠰᠠᠨ ᠪᠠᠶᠢᠵᠤ ᠮᠡᠳᠡᠨ᠎ᠡ᠃ ᠤᠯᠠᠮ ᠨᠢᠭᠡ ᠠᠯᠬᠤᠮ ᠪᠠᠶᠢᠴᠠᠭᠠᠵᠤ᠂ | ᠡᠪᠡᠳᠴᠢᠨ ᠤ ᠰᠢᠯᠲᠠᠭᠠᠨ ᠢ ᠨᠢ ᠲᠣᠭᠲᠠᠭᠠᠭᠰᠠᠨ ᠤ ᠳᠠᠷᠠᠭ᠎ᠠ ᠴᠠᠭ ᠲᠤᠬᠠᠢ ᠳᠤᠨᠢ ᠬᠠᠨᠳᠤᠯᠭᠠᠲᠤ ᠴᠢᠨᠠᠷᠲᠠᠢ ᠬᠢᠵᠠᠭᠠᠷᠯᠠᠬᠤ ᠠᠷᠭ᠎ᠠ ᠬᠡᠮᠵᠢᠶ᠎ᠡ ᠠᠪᠬᠤ ᠴᠢᠬᠤᠯᠠᠲᠠᠢ᠃ | ᠡᠮ ᠢ ᠰᠣᠩᠭᠤᠬᠤ ᠳᠠᠭᠠᠨ ︽ᠤᠰᠤᠨ ᠭᠠᠷᠤᠯᠲᠠ ᠶᠢᠨ ᠲᠡᠵᠢᠭᠡᠨ ᠦᠷᠡᠵᠢᠭᠦᠯᠬᠦ ᠳᠤ ᠡᠮ ᠬᠡᠷᠡᠭᠯᠡᠬᠦ ᠲᠣᠳᠣᠷᠬᠠᠢ ᠴᠠᠭᠠᠰᠤ 2022 ᠣᠨ ᠤ 1᠂ 2 ᠳ᠋ᠤᠭᠠᠷ | ᠲᠣᠭᠠᠲᠤ︾ ᠶᠢ ᠦᠨᠳᠦᠰᠦᠯᠡᠬᠦ ᠬᠡᠷᠡᠭᠲᠡᠢ᠃ | |