ᠨᠢᠭᠡ᠂ ᠮᠡᠷᠭᠡᠵᠢᠯ ᠤᠨ ᠳᠠᠪᠠᠭᠤᠯᠢᠭ | ᠨᠡᠷᠡᠨ ᠬᠤᠸᠠᠷ ᠤᠨ ᠲᠠᠪᠠᠭ ᠢ ᠬᠠᠳᠬᠤᠵᠤ ᠬᠠᠲᠠᠭᠠᠬᠤ ᠮᠡᠷᠭᠡᠵᠢᠯ ᠪᠣᠯ ᠣᠭᠲᠣᠯᠵᠤ ᠠᠪᠤᠭᠰᠠᠨ ᠨᠡᠷᠡᠨ ᠬᠤᠸᠠᠷ ᠤᠨ ᠲᠠᠪᠠᠭ ᠢᠶᠠᠨ ᠡᠰᠢᠨ ᠳᠡᠭᠡᠷ᠎ᠡ | ᠬᠠᠳᠬᠤᠵᠤ᠂ ᠨᠡᠷᠡᠨ ᠤ ᠭᠡᠷᠡᠯ ᠳᠣᠣᠷ᠎ᠠ ᠬᠠᠲᠠᠭᠠᠬᠤ ᠨᠢᠭᠡ ᠵᠦᠢᠯ ᠤᠨ ᠬᠡᠷᠡᠭᠯᠡᠭᠡᠨ ᠤ ᠮᠡᠷᠭᠡᠵᠢᠯ ᠪᠣᠯᠣᠨ᠎ᠠ᠃ ᠲᠣᠰ ᠮᠡᠷᠭᠡᠵᠢᠯ ᠤᠨ ᠬᠠᠲᠠᠭᠠᠬᠤ ᠠᠰᠢᠭᠯᠠᠮᠵᠢ ᠨᠢ | ᠥᠨᠳᠥᠷ᠂ ᠬᠠᠲᠠᠭᠠᠬᠤ ᠦᠷ᠎ᠡ ᠪᠦᠲᠦᠭᠡᠯ ᠨᠢ ᠰᠠᠶᠢᠨ᠂ ᠥᠪᠡᠷ ᠤᠨ ᠥᠷᠲᠡᠭ ᠢ ᠨᠢ ᠪᠠᠭᠤᠷᠠᠭᠤᠯᠵᠤ ᠴᠢᠳᠠᠬᠤ ᠮᠥᠷᠲᠡᠭᠡᠨ ᠴᠢᠨᠠᠷ ᠴᠢᠨᠰᠠᠭ᠎ᠠ ᠶᠢ ᠨᠢ ᠬᠠᠮᠠᠭᠠᠯᠠᠵᠤ | ᠴᠢᠳᠠᠬᠤ ᠶᠢᠨ ᠬᠠᠮᠲᠤ ᠬᠡᠷᠡᠭᠯᠡᠬᠦ ᠳᠤ ᠲᠥᠬᠦᠮ ᠪᠣᠯᠬᠤᠷ ᠳᠡᠯᠭᠡᠷᠡᠭᠦᠯᠦᠨ ᠬᠡᠷᠡᠭᠯᠡᠵᠦ ᠪᠣᠯᠣᠨ᠎ᠠ᠃ | ᠬᠤᠶᠠᠷ᠂ ᠲᠠᠪᠠᠭ ᠢ ᠬᠠᠳᠬᠤᠬᠤ ᠬᠤᠭᠤᠴᠠᠭ᠎ᠠ | ᠢᠳᠡᠰᠢᠨ ᠤ ᠨᠡᠷᠡᠨ ᠬᠤᠸᠠᠷ ᠤᠨ ᠲᠠᠪᠠᠭ ᠤᠨ ᠠᠷᠤ ᠲᠠᠯ᠎ᠠ ᠨᠢ ᠰᠢᠷᠠᠯᠠᠵᠤ᠂ ᠴᠡᠴᠡᠭ ᠤᠨ ᠲᠠᠪᠠᠭ ᠤᠨ ᠬᠥᠪᠡᠭᠡ ᠨᠢ ᠵᠢᠭᠠᠬᠠᠨ ᠨᠣᠭᠤᠭᠠᠨ᠂ ᠬᠡᠯᠡ | ᠬᠡᠯᠪᠡᠷᠢᠲᠦ ᠴᠡᠴᠡᠭ ᠤᠨ ᠬᠡᠯᠲᠡᠰ ᠨᠢ ᠦᠬᠦᠰᠢᠷᠡᠨ ᠬᠤᠪᠠᠭ᠋ᠠᠶᠢᠷᠠᠬᠤ ᠪᠤᠶᠤ ᠬᠠᠳᠠᠵᠤ᠂ ᠪᠠᠭᠯᠠᠭᠴᠢ ᠨᠠᠪᠴᠢ ᠨᠢ ᠰᠢᠷᠠᠯᠠᠵᠤ᠂ ᠨᠠᠪᠴᠢᠨ ᠢᠯᠳᠠᠰᠤ ᠨᠢ ᠰᠢᠷᠠᠯᠠᠨ | ᠨᠣᠭᠤᠭᠠᠷᠠᠬᠤ ᠪᠤᠶᠤ ᠰᠢᠷᠠᠯᠠᠨ ᠤᠨᠵᠢᠢᠵᠤ᠂ ᠵᠢᠮᠢᠰ ᠤᠨ ᠬᠠᠯᠢᠰᠤ ᠨᠢ ᠬᠠᠲᠠᠭᠤ ᠪᠣᠯᠪᠠᠯ ᠳᠠᠷᠤᠢ ᠲᠠᠪᠠᠭ ᠢ ᠨᠢ ᠬᠠᠳᠬᠤᠨ ᠬᠠᠳᠠᠭᠠᠵᠤ ᠪᠣᠯᠤᠨ᠎ᠠ᠃ | ᠭᠤᠷᠪᠠ᠂ ᠠᠵᠢᠯᠯᠠᠬᠤ ᠠᠷᠭ᠎ᠠ | ︽ᠬᠤᠶᠠᠷ ᠤᠬᠳᠤᠯᠵᠦ ᠨᠢᠭᠡ ᠬᠠᠳᠬᠤᠬᠤ︾ ᠠᠷᠭ᠎ᠠ ᠪᠠᠷ ᠲᠠᠪᠠᠭ ᠢ ᠨᠢ ᠬᠠᠳᠬᠤᠵᠤ ᠬᠠᠲᠠᠭᠠᠨ᠎ᠠ᠂ ᠪᠣᠳᠠᠲᠠᠢ ᠬᠢᠬᠦ ᠠᠷᠭ᠎ᠠ ᠨᠢ ᠳᠣᠣᠷᠠᠬᠢ ᠮᠡᠲᠦ᠄ 1. | ᠨᠢᠭᠡᠳᠦᠭᠡᠷ ᠤᠬᠳᠤᠯᠤᠯ ᠨᠢ ᠴᠡᠴᠡᠭ ᠤᠨ ᠲᠠᠪᠠᠭ ᠢ ᠣᠭᠲᠣᠯᠣᠨ ᠠᠪᠴᠤ᠂ ᠬᠤᠶᠠᠳᠤᠭᠠᠷ ᠤᠬᠳᠤᠯᠤᠯ ᠨᠢ 80 ᠰᠡᠨᠲ᠋ᠢᠮᠧᠲᠷ ᠣᠷᠴᠢᠮ ᠤᠨ ᠥᠨᠳᠥᠷ ᠤᠨ | ᠬᠡᠮᠵᠢᠶ᠎ᠡ ᠪᠠᠷ ᠡᠰᠢ ᠶᠢ ᠨᠢ ᠲᠠᠰᠢᠭᠤ ᠤᠬᠳᠤᠯᠵᠦ᠂ ᠲᠠᠪᠠᠭ ᠤᠨ ᠭᠠᠳᠠᠷᠭᠤ ᠶᠢ ᠡᠮᠦᠨᠡᠰᠢ ᠵᠢᠰᠢᠭᠦᠦ ᠳᠡᠭᠡᠭᠰᠢ ᠬᠠᠨᠳᠤᠭᠤᠯᠤᠨ ᠵᠣᠷᠭᠤᠵᠤ ᠲᠠᠯᠪᠢᠭᠰᠠᠨ ᠡᠰᠢ ᠶᠢᠨ | ᠳᠡᠭᠡᠷ᠎ᠡ ᠬᠠᠳᠬᠤᠵᠤ᠂ ᠴᠡᠴᠡᠭ ᠤᠨ ᠲᠠᠪᠠᠭ ᠢ ᠭᠠᠵᠠᠷ ᠤᠨ ᠭᠠᠳᠠᠷᠭᠤ ᠲᠠᠢ 45 ᠭᠷᠡᠳᠦ᠋ᠰ ᠤᠨ ᠥᠨᠴᠥᠭ ᠲᠠᠢ ᠪᠠᠶᠢᠯᠭᠠᠨ᠎ᠠ᠃ 2. ᠴᠡᠴᠡᠭ ᠤᠨ ᠲᠠᠪᠠᠭ ᠢ | ᠬᠠᠳᠬᠤᠭᠰᠠᠨ ᠤ ᠳᠠᠷᠠᠭ᠎ᠠ ᠴᠠᠭ ᠠᠭᠤᠷ ᠤᠨ ᠪᠠᠶᠢᠳᠠᠯ ᠢ ᠦᠵᠡᠵᠦ 7~10 ᠡᠳᠦᠷ ᠨᠡᠷᠡᠨ ᠳᠤ ᠡᠭᠡᠭᠡᠵᠦ᠂ ᠮᠥᠬᠦᠯᠢᠭ ᠤᠨ ᠤᠰᠤᠨ ᠤ ᠠᠭᠤᠯᠤᠭᠳᠠᠴᠠ ᠨᠢ | 15% ᠠᠴᠠ ᠳᠣᠷᠣᠭᠰᠢ ᠪᠣᠯᠬᠤ ᠦᠶ᠎ᠡ ᠳᠤ ᠲᠠᠪᠠᠭ ᠢᠶᠠᠨ ᠬᠤᠷᠢᠶᠠᠵᠤ᠂ ᠮᠦᠯᠢᠭᠦᠨᠡ᠃ 3. ᠲᠤᠬᠠᠢ ᠶᠢᠨ ᠭᠠᠵᠠᠷ ᠤᠨ ᠪᠠᠶᠢᠳᠠᠯ ᠢ ᠦᠨᠳᠦᠰᠦᠯᠡᠨ᠂ ᠲᠣᠮᠣ | ᠬᠡᠯᠪᠡᠷᠢ ᠶᠢᠨ ᠪᠤᠶᠤ ᠵᠢᠵᠢᠭ ᠬᠡᠯᠪᠡᠷᠢ ᠶᠢᠨ ᠮᠥᠯᠢᠬᠦ ᠮᠠᠰᠢᠨ ᠢ ᠰᠣᠩᠭᠤᠨ ᠮᠥᠯᠢᠵᠦ᠂ ᠬᠥᠮᠥᠨ ᠤ ᠬᠦᠴᠦ ᠪᠠᠷ ᠬᠠᠪᠰᠤᠷᠤᠨ ᠬᠤᠷᠢᠶᠠᠬᠤ ᠪᠠ ᠮᠠᠲ᠋ᠧᠷᠢᠶᠠᠯ | ᠣᠷᠤᠭᠤᠯᠤᠨ᠎ᠠ᠃ | ᠳᠥᠷᠪᠡ᠂ ᠠᠩᠬᠠᠷᠬᠤ ᠵᠦᠢᠯ | 1. ᠬᠤᠭ ᠡᠪᠡᠰᠦ ᠶᠢ ᠠᠷᠢᠯᠭᠠᠬᠤ᠃ ᠮᠥᠯᠢᠬᠦ ᠮᠠᠰᠢᠨ ᠢᠶᠠᠷ ᠠᠵᠢᠯᠯᠠᠬᠤ ᠳᠠᠭᠠᠨ ᠬᠥᠬᠡ ᠳᠡᠯᠳᠡᠦ᠂ ᠵᠠᠩᠭᠤᠤ ᠵᠡᠷᠭᠡ ᠬᠤᠭ ᠡᠪᠡᠰᠦ ᠶᠢ ᠵᠠᠶᠢᠯᠠᠭᠤᠯᠬᠤ | ᠪᠤᠶᠤ ᠠᠷᠢᠯᠭᠠᠬᠤ ᠶᠢ ᠠᠩᠬᠠᠷᠴᠤ᠂ ᠨᠡᠷᠡᠨ ᠬᠤᠸᠠᠷ ᠲᠤ ᠬᠤᠯᠢᠯᠳᠤᠨ ᠣᠷᠣᠵᠤ ᠦᠷ᠎ᠡ ᠶᠢᠨ ᠲᠠᠸᠠᠷ ᠤᠨ ᠴᠢᠨᠠᠷ ᠴᠢᠨᠰᠠᠭ᠎ᠠ ᠶᠢ ᠨᠥᠯᠥᠭᠡᠯᠡᠬᠦ ᠠᠴᠠ ᠰᠡᠷᠭᠡᠶᠢᠯᠡᠬᠦ | ᠬᠡᠷᠡᠭᠲᠡᠢ᠃ 2. ᠬᠡᠪ ᠤᠨ ᠪᠤᠰᠤ ᠴᠡᠴᠡᠭ ᠤᠨ ᠲᠠᠪᠠᠭ᠃ ᠬᠤᠷᠢᠶᠠᠬᠤ ᠶᠠᠪᠤᠴᠠ ᠳᠤ ᠭᠠᠵᠠᠷ ᠤᠨᠠᠭᠰᠠᠨ᠂ ᠡᠪᠡᠳᠴᠢᠨ ᠤ ᠬᠤᠣᠷ ᠬᠥᠨᠥᠭᠡᠯ ᠤᠨ ᠸᠠᠯᠠᠵᠤ | ᠢᠯᠵᠢᠷᠡᠭᠰᠡᠨ ᠲᠠᠪᠠᠭ᠂ ᠬᠤᠯᠢᠮᠠᠭ ᠲᠠᠪᠠᠭ ᠢ ᠠᠷᠢᠯᠭᠠᠬᠤ ᠶᠢ ᠠᠩᠬᠠᠷᠴᠤ᠂ ᠸᠠᠯᠠᠭᠰᠠᠨ ᠦᠷ᠎ᠡ ᠪᠠ ᠣᠨᠳᠣᠣ ᠲᠦᠷᠦᠯ ᠤᠨ ᠦᠷ᠎ᠡ ᠶᠢ ᠬᠤᠯᠢᠯᠳᠤᠭᠤᠯᠤᠨ | ᠣᠷᠤᠭᠤᠯᠣᠭᠰᠠᠨ ᠠᠴᠠ ᠲᠠᠸᠠᠷ ᠤᠨ ᠴᠢᠨᠠᠷ ᠴᠢᠨᠰᠠᠭ᠎ᠠ ᠶᠢ ᠪᠠᠭᠤᠷᠠᠭᠤᠯᠤᠨ᠂ ᠪᠣᠷᠣᠯᠠᠭᠤᠯᠬᠤ ᠦᠨ᠎ᠡ ᠶᠢ ᠨᠥᠯᠥᠭᠡᠯᠡᠬᠦ ᠠᠴᠠ ᠵᠠᠶᠢᠯᠠᠰᠬᠢᠬᠦ ᠬᠡᠷᠡᠭᠲᠡᠢ᠃ 3. ᠬᠤᠷᠢᠶᠠᠨ | ᠠᠪᠤᠭᠰᠠᠨ ᠤ ᠳᠠᠷᠠᠭᠠᠬᠢ ᠲᠠᠷᠢᠶᠠᠨ ᠭᠠᠵᠠᠷ ᠢ ᠴᠡᠪᠡᠷᠯᠡᠬᠦ᠃ ᠴᠡᠴᠡᠭ ᠤᠨ ᠲᠠᠪᠠᠭ ᠢ ᠬᠤᠷᠢᠶᠠᠭᠰᠠᠨ ᠤ ᠳᠠᠷᠠᠭ᠎ᠠ᠂ ᠲᠠᠷᠢᠶᠠᠨ ᠭᠠᠵᠠᠷ ᠤᠨ ᠡᠰᠢ ᠰᠦᠷᠡᠯ ᠪᠠ | ᠦᠯᠡᠳᠡᠭᠳᠡᠯ ᠪᠦᠷᠬᠦᠪᠴᠢ ᠶᠢ ᠴᠠᠭ ᠲᠤᠬᠠᠢ ᠳᠤᠨᠢ ᠴᠡᠪᠡᠷᠯᠡᠵᠦ᠂ ᠡᠪᠦᠯᠵᠢᠬᠦ ᠡᠪᠡᠳᠴᠢᠨ ᠬᠤᠷᠣᠬᠠᠢ ᠶᠢᠨ ᠰᠠᠭᠤᠷᠢ ᠲᠤᠭ᠎ᠠ ᠶᠢ ᠳᠣᠷᠣᠭᠰᠢᠯᠠᠭᠤᠯᠬᠤ ᠬᠡᠷᠡᠭᠲᠡᠢ᠃ | |