ᠬᠡᠪᠡᠭ᠄ ᠬᠡᠪᠡᠭ ᠤᠨ ᠹᠣᠰᠹᠣᠷ ᠤᠨ ᠠᠭᠤᠯᠤᠭᠳᠠᠴᠠ ᠨᠢ ᠺᠠᠯᠼ ᠤᠨ ᠠᠭᠤᠯᠤᠭᠳᠠᠴᠠ ᠶᠢᠨ 4 ᠳᠠᠬᠢᠨ ᠠᠴᠠ ᠳᠡᠭᠡᠭᠰᠢ ᠪᠠᠶᠢᠳᠠᠭ᠃ ᠺᠠᠯᠼ ᠹᠣᠰᠹᠣᠷ | ᠲᠡᠩᠴᠡᠭᠦᠷᠢ ᠪᠠᠨ ᠠᠯᠳᠠᠭᠰᠠᠨ ᠠᠴᠠ ᠪᠣᠯᠤᠭᠰᠠᠨ ᠮᠥᠭᠡᠷᠰᠦᠨ ᠤ ᠡᠪᠡᠳᠴᠢᠨ ᠪᠤᠶᠤ ᠶᠠᠰᠤ ᠵᠥᠭᠡᠯᠡᠷᠡᠬᠦ ᠡᠪᠡᠳᠴᠢᠨ ᠢ ᠵᠠᠰᠠᠬᠤ ᠳᠤ ᠬᠡᠪᠡᠭ ᠲᠡᠵᠢᠭᠡᠬᠦ ᠪᠠᠨ ᠵᠣᠭᠰᠣᠨ᠎ᠠ᠃ | | ᠰᠢᠷ᠎ᠠ ᠪᠤᠷᠴᠠᠭ᠄ ᠰᠢᠷ᠎ᠠ ᠪᠤᠷᠴᠠᠭ ᠲᠤ ᠨᠡᠯᠢᠶᠡᠳ ᠠᠷᠪᠢᠨ ᠺᠠᠯᠼ᠂ ᠮᠠᠭᠨᠢ ᠵᠡᠷᠭᠡ ᠠᠭᠤᠯᠤᠭᠳᠠᠵᠤ᠂ ᠰᠧ ᠬᠤᠸᠠᠨ ᠰᠦ᠋ ᠶᠢᠨ ᠲᠥᠷᠥᠯ ᠤᠨ ᠡᠮ ︵ᠰᠧ | ᠬᠤᠸᠠᠨ ᠰᠦ᠋᠂ ᠲᠦ᠋ ᠮᠧᠢ ᠰᠦ᠋᠂ ᠴᠢᠶᠠᠩ ᠯᠢ ᠮᠸᠢ ᠰᠦ᠋ ᠵᠡᠷᠭᠡ︶ ᠲᠠᠢ ᠨᠡᠶᠢᠯᠡᠭᠡᠳ ᠤᠰᠤᠨ ᠳᠤ ᠠᠭᠤᠰᠬᠤ ᠦᠭᠡᠢ ᠪᠠᠶᠢᠵᠤ᠂ ᠰᠢᠩᠭᠡᠭᠡᠬᠦ ᠳᠤ ᠬᠦᠴᠢᠷ | ᠣᠷᠤᠨᠵᠢᠪᠤᠷᠢ ᠪᠣᠳᠠᠰ ᠪᠣᠯᠵᠤ᠂ ᠡᠳᠡᠭᠡᠷ ᠨᠢᠶᠠᠨ ᠳᠠᠷᠤᠭᠴᠢ ᠶᠢᠨ ᠡᠮᠴᠢᠯᠡᠭᠡᠨ ᠤ ᠦᠢᠯᠡᠳᠦᠯ ᠢ ᠨᠢ ᠪᠠᠭᠤᠷᠠᠭᠤᠯᠳᠠᠭ᠃ ᠡᠳᠡᠭᠡᠷ ᠨᠢᠶᠠᠨ ᠳᠠᠷᠤᠭᠴᠢ ᠶᠢ ᠬᠡᠷᠡᠭᠯᠡᠵᠦ | ᠡᠪᠡᠳᠴᠢᠨ ᠢ ᠰᠡᠷᠭᠡᠶᠢᠯᠡᠨ ᠵᠠᠰᠠᠬᠤ ᠬᠤᠭᠤᠴᠠᠭᠠᠨ ᠳᠤ ᠪᠤᠷᠴᠠᠭ ᠤᠨ ᠵᠦᠢᠯ ᠪᠠ ᠰᠢᠬᠠᠳᠠᠰᠤ ᠶᠢᠨ ᠵᠦᠢᠯ ᠤᠨ ᠪᠣᠷᠳᠤᠭ᠎ᠠ ᠶᠢ ᠪᠠᠭ᠎ᠠ ᠢᠳᠡᠭᠦᠯᠬᠦ ᠪᠤᠶᠤ ᠢᠳᠡᠭᠦᠯᠬᠦ | ᠦᠭᠡᠢ ᠪᠠᠶᠢᠪᠠᠯ ᠵᠣᠬᠢᠨ᠎ᠠ᠃ | ᠬᠥᠪᠥᠩ ᠤᠨ ᠦᠷ᠎ᠡ ᠶᠢᠨ ᠪᠣᠣᠪᠤ᠄ ᠬᠥᠪᠥᠩ ᠤᠨ ᠦᠷ᠎ᠡ ᠶᠢᠨ ᠪᠣᠣᠪᠤ ᠸᠢᠲ᠋ᠠᠮᠢᠨ A ᠰᠢᠩᠭᠡᠬᠡᠨ ᠠᠪᠴᠤ ᠠᠰᠢᠭᠯᠠᠬᠤ ᠶᠢ ᠨᠥᠯᠥᠭᠡᠯᠡᠨ᠎ᠡ᠂ ᠸᠢᠲ᠋ᠠᠮᠢᠨ A | ᠳᠤᠲᠠᠭᠳᠠᠬᠤ ᠶᠢ ᠰᠡᠷᠭᠡᠶᠢᠯᠡᠬᠦ ᠦᠶ᠎ᠡ ᠳᠤ ᠬᠥᠪᠥᠩ ᠤᠨ ᠦᠷ᠎ᠡ ᠶᠢᠨ ᠪᠣᠣᠪᠤ ᠲᠡᠵᠢᠭᠡᠬᠦ ᠪᠠᠨ ᠵᠣᠭᠰᠣᠪᠠᠯ ᠵᠣᠬᠢᠨ᠎ᠠ᠃ | ᠺᠠᠯᠼᠯᠢᠭ ᠲᠡᠵᠢᠭᠡᠯ ᠪᠣᠷᠳᠤᠭ᠎ᠠ᠄ ᠰᠧ ᠬᠤᠸᠠᠨ ᠰᠦ᠋ ᠶᠢᠨ ᠲᠥᠷᠥᠯ ᠤᠨ ᠪᠠᠺᠲ᠋ᠧᠷᠢ ᠡᠰᠡᠷᠭᠦᠴᠡᠬᠦ ᠡᠳ᠋ ᠢ ᠬᠡᠷᠡᠭᠯᠡᠬᠦ ᠳᠡᠭᠡᠨ ᠴᠣᠬᠤᠢ᠂ ᠶᠠᠰᠤᠨ ᠤ ᠲᠠᠯᠬ᠎ᠠ᠂ | ᠬᠢᠰᠤᠭ᠎ᠠ ᠶᠢᠨ ᠲᠠᠯᠬ᠎ᠠ᠂ ᠥᠨᠳᠡᠭᠡᠨ ᠬᠠᠯᠢᠰᠤᠨ ᠤ ᠲᠠᠯᠬ᠎ᠠ᠂ ᠵᠤᠭᠠᠩ ᠤᠨ ᠲᠠᠯᠬ᠎ᠠ ᠵᠡᠷᠭᠡ ᠺᠠᠯᠼ ᠤᠨ ᠲᠦᠷᠦᠯ ᠤᠨ ᠲᠡᠵᠢᠭᠡᠯ ᠪᠣᠷᠳᠤᠭ᠎ᠠ ᠶᠢ ᠲᠡᠵᠢᠭᠡᠬᠦ ᠪᠠᠨ | ᠵᠣᠭᠰᠣᠵᠤ᠂ ᠺᠠᠯᠼ ᠬᠡᠲᠦᠷᠡᠭᠰᠡᠨ ᠠᠴᠠ ᠪᠣᠯᠵᠤ ᠲᠡᠮᠦᠷ ᠤᠨ ᠰᠢᠩᠭᠡᠭᠡᠯᠲᠡ ᠶᠢ ᠨᠥᠯᠥᠭᠡᠯᠡᠬᠦ ᠠᠴᠠ ᠵᠠᠶᠢᠯᠠᠰᠬᠢᠨ᠎ᠡ᠃ | ᠢᠳᠡᠭᠡᠨ ᠤ ᠳᠠᠪᠤᠰᠤ᠄ ᠳᠣᠣᠷᠠᠬᠢ ᠪᠠᠶᠢᠳᠠᠯ ᠳᠤ ᠳᠠᠪᠤᠰᠤ ᠲᠡᠵᠢᠭᠡᠬᠦ ᠶᠢ ᠬᠢᠵᠠᠭᠠᠷᠯᠠᠬᠤ ᠪᠤᠶᠤ ᠢᠳᠡᠬᠦ ᠪᠠᠨ ᠵᠣᠭᠰᠣᠬᠤ ᠬᠡᠷᠡᠭᠲᠡᠢ︔ ᠨᠢᠭᠡ ᠳᠤ᠂ ᠪᠷᠤᠮᠳᠤ | ᠨᠢᠭᠡᠳᠪᠦᠷᠢ ᠶᠢᠨ ᠨᠠᠶᠢᠷᠠᠯᠭ᠎ᠠ ᠶᠢ ᠬᠡᠷᠡᠭᠯᠡᠬᠦ ᠦᠶ᠎ᠡ ᠳᠤ᠂ ᠢᠳᠡᠰᠢᠨ ᠤ ᠳᠠᠪᠤᠰᠤᠨ ᠳᠠᠬᠢ ᠾᠯᠣᠷ ᠢᠶᠤᠨ ᠪᠣᠯᠣᠨ ᠪᠷᠤᠮᠳᠤ ᠢᠶᠤᠨ ᠤ ᠲᠦᠷᠭᠡᠨ ᠢᠯᠭᠠᠷᠠᠬᠤ ᠶᠢ | ᠰᠡᠷᠭᠡᠶᠢᠯᠡᠨ᠎ᠡ᠃ ᠬᠤᠶᠠᠷ ᠲᠤ᠂ ᠯᠢᠶᠠᠨ ᠮᠧᠶ ᠰᠦ᠋ ᠤᠤᠭᠤᠯᠭᠠᠬᠤ ᠦᠶ᠎ᠡ ᠳᠤ᠂ ᠯᠢᠶᠠᠨ ᠮᠧᠶ ᠰᠦ᠋ ᠶᠢᠨ ᠡᠮᠴᠢᠯᠡᠭᠡᠨ ᠤ ᠠᠴᠢ ᠲᠤᠰᠠ ᠶᠢ ᠪᠠᠭᠤᠷᠠᠭᠤᠯᠬᠤ ᠠᠴᠠ | ᠵᠠᠶᠢᠯᠠᠰᠬᠢᠨ᠎ᠡ᠃ ᠭᠤᠷᠪᠠ ᠳᠤ᠂ ᠪᠥᠭᠡᠷ᠎ᠡ ᠶᠢᠨ ᠦᠷᠪᠢᠰᠦᠯ ᠢ ᠡᠮᠨᠡᠨ ᠵᠠᠰᠠᠬᠤ ᠬᠤᠭᠤᠴᠠᠭᠠᠨ ᠳᠤ ᠤᠰᠤ ᠪᠡᠶ᠎ᠡ ᠶᠢᠨ ᠳᠣᠲᠣᠷ᠎ᠠ ᠦᠯᠡᠳᠡᠵᠦ ᠤᠰᠤᠨ ᠬᠠᠪᠤᠩ ᠪᠣᠯᠵᠤ᠂ | ᠪᠥᠭᠡᠷ᠎ᠡ ᠶᠢᠨ ᠦᠷᠪᠢᠰᠦᠯ ᠢ ᠬᠦᠨᠳᠦᠷᠡᠭᠦᠯᠬᠦ ᠠᠴᠠ ᠰᠡᠷᠭᠡᠶᠢᠯᠡᠨ᠎ᠡ᠃ | ᠬᠦᠬᠦᠷᠯᠢᠭ ᠠᠮᠢᠨ ᠤ ᠲᠥᠷᠥᠯ ᠤᠨ ᠲᠡᠵᠢᠭᠡᠯ ᠪᠣᠷᠳᠣᠭᠠᠨ ᠤ ᠨᠡᠮᠡᠯᠲᠡ ᠡᠳ᠋᠄ ᠬᠦᠬᠦᠷ ᠨᠢ ᠬᠦᠬᠦᠷᠯᠢᠭ ᠠᠮᠢᠨ ᠤ ᠲᠥᠷᠥᠯ ᠤᠨ ᠡᠮᠲᠦ ᠪᠣᠳᠠᠰ ᠤᠨ | ᠴᠢᠰᠤᠨ ᠳᠤ ᠦᠵᠡᠭᠦᠯᠬᠦ ᠬᠤᠣᠷᠳᠠᠯ ᠢ ᠬᠦᠨᠳᠦᠷᠡᠭᠦᠯᠵᠦ᠂ ᠬᠦᠬᠦᠷ ᠤᠨ ᠴᠢᠰᠤᠨ ᠰᠤᠳᠠᠯ ᠤᠨ ᠤᠯᠠᠭᠠᠨ ᠭᠡᠮ ᠪᠤᠶᠤ ᠤᠭᠤᠷᠠᠭᠲᠤ ᠴᠢᠰᠤᠨ ᠭᠡᠮ ᠢ ᠡᠭᠦᠰᠬᠡᠨ᠎ᠡ᠃ | ᠬᠦᠬᠦᠷ ᠠᠭᠤᠯᠤᠭᠰᠠᠨ ᠡᠮᠲᠦ ᠪᠣᠳᠠᠰ᠂ ᠵᠢᠱᠢᠶᠡᠯᠡᠪᠡᠯ ᠬᠦᠬᠦᠷ ᠬᠦᠴᠢᠯ ᠤᠨ ᠮᠠᠭᠨᠢ᠂ ᠬᠦᠬᠦᠷ ᠬᠦᠴᠢᠯ ᠤᠨ ᠺᠠᠯᠼ᠂ ᠬᠦᠬᠦᠷ ᠬᠦᠴᠢᠯ ᠤᠨ ᠨᠠᠲᠷᠢ᠂ ᠬᠢᠮᠡᠯ | ᠳᠠᠪᠤᠰᠤ ᠶᠢ ᠬᠡᠷᠡᠭᠯᠡᠬᠦ ᠳᠡᠭᠡᠨ ᠬᠦᠬᠦᠷᠯᠢᠭ ᠠᠮᠢᠨ ᠤ ᠲᠥᠷᠥᠯ ᠤᠨ ᠲᠡᠵᠢᠭᠡᠯ ᠪᠣᠷᠳᠣᠭᠠᠨ ᠤ ᠨᠡᠮᠡᠯᠲᠡ ᠡᠳ᠋ ᠢ ᠬᠡᠷᠡᠭᠯᠡᠬᠦ ᠪᠠᠨ ᠵᠣᠭᠰᠣᠬᠤ ᠬᠡᠷᠡᠭᠲᠡᠢ᠃ | |