ᠮᠤᠩᠭᠤᠯ ᠠᠨᠠᠭᠠᠬᠤ ᠤᠬᠠᠭᠠᠨ ᠳᠤ ᠬᠡᠢ ᠶᠠᠳᠠᠷᠠᠭ᠎ᠠ᠂ ᠪᠡᠶ᠎ᠡ ᠰᠤᠯᠠᠷᠠᠬᠤ᠂ ᠲᠠᠷᠬᠠᠯᠠᠭ᠎ᠠ ᠮᠠᠭᠤᠳᠠᠬᠤ ᠶᠢ ᠵᠠᠰᠠᠬᠤ ᠳᠤ ᠮᠠᠯ ᠤᠨ ᠶᠠᠰᠤᠨ ᠤ ᠱᠦᠯᠦ ᠶᠢ ᠤᠯᠠᠨ | ᠶᠠᠩᠵᠤ ᠪᠠᠷ ᠪᠤᠯᠪᠠᠰᠤᠷᠠᠭᠤᠯᠤᠨ ᠬᠡᠷᠡᠭᠯᠡᠵᠤ ᠵᠠᠩᠰᠢᠭᠰᠠᠨ ᠶᠤᠮ᠃ ᠲᠡᠭᠡᠪᠡᠯ ᠲᠤᠤᠷ᠎ᠠ ᠲᠠ ᠪᠦᠬᠦᠨ ᠳᠤ ᠬᠤᠨᠢᠨ ᠤ ᠴᠢᠮᠦᠭᠡᠨ ᠤ ᠶᠠᠰᠤᠨ ᠱᠦᠯᠦ ᠶᠢ ᠭᠠᠷᠭᠠᠵᠤ | ᠠᠪᠤᠭᠠᠳ ᠬᠦᠯᠳᠡᠭᠡᠭᠰᠡᠨ ᠪᠠᠶᠢᠳᠠᠯ ᠢᠶᠠᠷ ᠡᠳᠦᠷ ᠲᠤᠳᠤᠮ ᠤᠨ ᠠᠮᠢᠳᠤᠷᠠᠯ ᠳᠠᠭᠠᠨ ᠬᠡᠷᠬᠢᠨ ᠬᠡᠷᠡᠭᠯᠡᠵᠤ ᠠᠴᠢ ᠲᠤᠰᠠ ᠶᠢ ᠨᠢ ᠬᠦᠷᠳᠡᠬᠦ ᠶᠢ ᠲᠠᠨᠢᠯᠴᠠᠭᠤᠯᠤᠨ ᠬᠦᠷᠭᠡᠶ᠎ᠡ᠃ | | ᠶᠠᠰᠤᠨ ᠤ ᠱᠦᠯᠦ ᠲᠡᠷᠡ ᠲᠤᠰᠤᠮ ᠢᠶᠠᠨ ᠬᠤᠨᠢᠨ ᠤ ᠴᠢᠮᠦᠭᠡᠨ ᠤ ᠶᠠᠰᠤᠨ ᠤ ᠠᠴᠢ ᠲᠤᠰᠠ ᠶᠢ ᠬᠡᠯᠡᠭᠡᠳ ᠪᠠᠷᠠᠰᠢ ᠦᠭᠡᠢ ᠪᠦᠭᠡᠳ ᠬᠦᠮᠦᠨ ᠤ ᠪᠡᠶ᠎ᠡ ᠳᠤ | ᠬᠡᠷᠡᠭᠴᠡᠭᠡᠳᠡᠢ ᠺᠠᠯᠼ᠂ ᠡᠷᠦᠳᠡᠰᠦ ᠪᠤᠳᠠᠰ᠂ ᠰᠢᠮ᠎ᠡ ᠪᠠᠷ ᠲᠦᠭᠦᠷᠡᠩ ᠪᠠᠶᠢᠳᠠᠭ᠃ ᠮᠡᠰᠡ ᠵᠠᠰᠠᠯ ᠳᠤ ᠤᠷᠤᠭᠰᠠᠨ᠂ ᠶᠠᠳᠠᠷᠠᠵᠤ ᠰᠤᠯᠳᠠᠶᠢᠭᠰᠠᠨ ᠬᠦᠮᠦᠨ ᠳᠤ ᠲᠠᠮᠢᠷ | ᠲᠡᠩᠬᠡᠭᠡ ᠤᠷᠤᠭᠤᠯᠬᠤ ᠵᠤᠷᠢᠯᠭ᠎ᠠ ᠪᠠᠷ ᠬᠤᠭᠤᠯᠠ ᠬᠦᠨᠡᠰᠦᠨ ᠳᠤ ᠬᠡᠷᠡᠭᠯᠡᠬᠦ ᠶᠢᠨ ᠲᠠᠭᠠᠤ ᠪᠠᠰᠠ ᠡᠳᠦᠷ ᠲᠤᠳᠤᠮ ᠤᠨ ᠴᠠᠢ ᠬᠤᠭᠤᠯᠠ ᠴᠢᠨᠠᠬᠤ ᠳᠠᠭᠠᠨ᠂ ᠭᠤᠯᠢᠷ | ᠨᠤᠬᠤᠬᠤ ᠳᠠᠭᠠᠨ᠂ ᠬᠡᠥᠬᠡᠳ ᠲᠤ ᠭᠤᠯᠢᠷ ᠲᠠᠢ ᠱᠦᠯᠦ ᠬᠢᠬᠦ᠂ ᠬᠠᠯᠠᠭᠤᠨ ᠲᠤᠭᠤᠭ᠎ᠠ ᠬᠢᠬᠦ᠂ ᠮᠦᠨ ᠨᠢᠷᠠᠢ ᠬᠡᠥᠬᠡᠳ ᠢ ᠤᠰᠤᠨ ᠳᠤ ᠤᠷᠤᠭᠤᠯᠬᠤ ᠳᠠᠭᠠᠨ ᠪᠦᠷ | ᠬᠡᠷᠡᠭᠯᠡᠵᠤ ᠪᠤᠯᠳᠠᠭ᠃ ᠨᠢᠷᠠᠢ ᠬᠡᠥᠬᠡᠳ ᠲᠤ ᠭᠤᠯᠢᠷ ᠲᠠᠢ ᠱᠦᠯᠦ ᠬᠢᠬᠦ᠂ ᠤᠰᠤᠨ ᠳᠤ ᠤᠷᠤᠭᠤᠯᠬᠤ ᠳᠠᠭᠠᠨ ᠬᠡᠷᠡᠭᠯᠡᠪᠡᠯ᠂ ᠬᠠᠨᠢᠶᠠᠳᠦ ᠲᠤᠮᠤᠭᠤ᠂ ᠬᠠᠳᠬᠤᠭ᠎ᠠ | ᠲᠤᠰᠬᠤ ᠦᠬᠡᠢ ᠪᠠᠶᠢᠵᠤ᠂ ᠲᠠᠷᠬᠠᠯᠠᠭ᠎ᠠ ᠨᠡᠩ ᠰᠠᠶᠢᠵᠢᠷᠠᠵᠤ ᠡᠯᠳᠡᠪ ᠡᠪᠡᠳᠴᠢᠨ ᠠᠴᠠ ᠠᠩᠬᠢᠳᠠ ᠪᠠᠶᠢᠵᠤ ᠴᠢᠳᠠᠨ᠎ᠠ᠃ | ᠬᠢᠬᠦ ᠠᠷᠭ᠎ᠠ᠄ ᠬᠤᠨᠢᠨ ᠤ ᠴᠢᠮᠦᠭᠡ ᠶᠢ ᠱᠤᠯᠤᠭᠠᠳ ᠪᠢᠳᠡᠬᠦᠦ ᠴᠢᠨᠠᠭᠴᠢ ᠲᠤᠭᠤᠭ᠎ᠠ ᠳᠤ ᠬᠢᠵᠤ᠂ ᠪᠤᠴᠠᠯᠤᠭᠠᠳ ᠡᠬᠢᠯᠡᠩᠭᠦᠳᠡ ᠭᠠᠯ ᠢ ᠪᠠᠭᠠᠰᠬᠠᠵᠤ | ᠬᠠᠮᠤᠭ ᠤᠨ ᠪᠠᠭ᠎ᠠ ᠲᠡᠭᠡᠷ᠎ᠡ ᠨᠢ ᠲᠠᠯᠪᠢᠭᠠᠳ 5 — 10 ᠴᠠᠭ ᠪᠤᠴᠠᠯᠭᠠᠨ᠎ᠠ᠃ ᠢᠡᠭᠬᠢᠭᠡᠳ ᠴᠢᠮᠦᠭᠡᠨ ᠤ ᠶᠠᠰᠤᠨ ᠤ ᠰᠢᠮ᠎ᠡ ᠰᠢᠬᠦᠰᠦ᠂ ᠡᠷᠦᠳᠡᠰᠤ ᠪᠤᠳᠠᠰ | ᠱᠦᠯᠦᠨ ᠳᠤ ᠰᠢᠩᠭᠡᠬᠦ ᠪᠠᠷ ᠶᠠᠰᠦ ᠶᠢ ᠨᠢ ᠢᠯᠭᠠᠨ ᠠᠪᠴᠦ ᠬᠠᠶᠠᠨ᠎ᠠ᠃ ᠱᠦᠯᠦ ᠶᠢ ᠰᠠᠶᠢᠳᠦᠷ ᠬᠦᠷᠦᠭᠡᠨᠡ᠃ ᠪᠤᠴᠠᠯᠭᠠᠬᠤ ᠶᠠᠪᠤᠴᠠ ᠳᠤ ᠲᠡᠭᠡᠷ᠎ᠡ ᠨᠢ ᠢᠯᠭᠠᠷᠠᠭᠰᠠᠨ | ᠲᠤᠰᠤ ᠶᠢ ᠱᠦᠭᠦᠵᠤ ᠢᠯᠭᠠᠵᠤ ᠠᠪᠤᠭᠠᠳ ᠰᠠᠪᠠᠨ ᠳᠤ ᠬᠢᠵᠤ ᠬᠦᠯᠳᠡᠭᠡᠭᠡᠳ ᠪᠠᠭ᠎ᠠ ᠪᠠᠭ᠎ᠠ ᠪᠠᠷ ᠬᠡᠷᠡᠭᠯᠡᠵᠤ ᠪᠤᠯᠤᠨ᠎ᠠ᠃ ᠬᠦᠷᠦᠭᠡᠭᠰᠡᠨ ᠱᠦᠯᠦ ᠪᠠᠨ | ᠬᠦᠯᠳᠡᠭᠡᠭᠦᠷ ᠲᠤ ᠬᠢᠵᠤ ᠬᠠᠳᠠᠭᠠᠯᠠᠵᠤ ᠤᠳᠠᠭᠠᠨ ᠬᠤᠭᠤᠴᠠᠭ᠎ᠠ ᠬᠡᠷᠡᠭᠯᠡᠨ᠎ᠡ᠃ | |