ᠨᠤᠷᠧ ᠸᠢᠷᠦ᠋ᠰ ᠪᠤᠯ ᠰᠤᠷᠭᠠᠭᠤᠯᠢ ᠪᠠ ᠬᠡᠤᠬᠡᠳ ᠰᠠᠭᠠᠳᠠᠭᠤᠯᠬᠤ ᠪᠠᠶᠢᠭᠤᠯᠤᠮᠵᠢ ᠵᠡᠷᠭᠡ ᠬᠦᠮᠦᠨ ᠤᠯᠠᠨ ᠴᠤᠬᠯᠠᠷᠠᠳᠠᠭ ᠭᠠᠵᠠᠷ ᠲᠤ ᠡᠬᠦᠰᠳᠡᠭ ᠲᠦᠷᠬᠡᠨ | ᠴᠢᠨᠠᠷᠳᠠᠢ ᠬᠤᠳᠤᠭᠤᠳᠤ ᠬᠡᠳᠡᠰᠦᠨ ᠤ ᠦᠷᠪᠢᠰᠦᠯ ᠤᠨ ᠭᠤᠤᠯ ᠡᠪᠡᠳᠴᠢᠨ ᠡᠬᠦᠰᠬᠡᠭᠴᠢ ᠮᠦᠨ᠂ ᠲᠡᠷᠡ ᠨᠢ ᠨᠡᠯᠢᠶᠡᠳ ᠦᠨᠳᠦᠷ ᠬᠠᠯᠳᠠᠪᠦᠷᠢᠯᠠᠬᠤ ᠴᠢᠨᠠᠷ ᠪᠠ | ᠲᠦᠷᠬᠡᠨ ᠬᠠᠯᠳᠠᠪᠦᠷᠢᠯᠠᠬᠤ ᠴᠢᠳᠠᠪᠦᠷᠢ ᠲᠠᠢ ᠪᠠᠶᠢᠵᠦ᠂ ᠬᠦᠮᠦᠰ ᠲᠤ ᠨᠡᠶᠢᠳᠡᠮ ᠠᠮᠠᠷᠬᠠᠨ ᠬᠠᠯᠳᠠᠪᠦᠷᠢᠯᠠᠬᠳᠠᠬᠤ ᠮᠦᠷᠳᠡᠬᠡᠨ ᠬᠠᠯᠳᠠᠪᠦᠷᠢᠯᠠᠬᠰᠠᠨ ᠤ ᠲᠠᠷᠠᠭ᠎ᠠ | ᠡᠬᠡᠯᠢᠯᠡᠭᠡ ᠶᠢᠨ ᠬᠠᠮᠠᠭᠠᠯᠠᠯᠳᠠ ᠶᠢᠨ ᠴᠠᠭ ᠨᠢ ᠤᠬᠤᠷ ᠪᠠᠶᠢᠵᠦ᠂ ᠡᠪᠦᠯ ᠤᠨ ᠤᠯᠠᠷᠢᠯ ᠳᠤ ᠨᠡᠩ ᠴᠤ ᠤᠯᠠᠨ ᠡᠬᠦᠰᠳᠡᠭ᠃ ᠲᠡᠭᠡᠪᠡᠯ ᠨᠤᠷᠧ ᠸᠢᠷᠦ᠋ᠰ | ᠬᠠᠯᠳᠠᠪᠦᠷᠢᠯᠠᠬᠤ ᠶᠢ ᠬᠡᠷᠬᠢᠨ ᠰᠡᠷᠬᠡᠶᠢᠯᠡᠬᠦ ᠪᠤᠢ︖ ᠰᠤᠷᠭᠠᠭᠤᠯᠢ ᠬᠡᠷᠬᠢᠨ ᠠᠷᠭᠠᠴᠠᠭᠠᠪᠠᠯ ᠵᠤᠬᠢᠬᠤ ᠪᠤᠢ︖ | ᠪᠡᠬᠡᠵᠢᠩ ᠬᠤᠳᠠ ᠶᠢᠨ ᠡᠪᠡᠳᠴᠢᠨ ᠡᠮᠬᠡᠭ ᠢ ᠰᠡᠷᠬᠡᠶᠢᠯᠡᠨ ᠡᠵᠡᠮᠳᠡᠬᠦ ᠲᠦᠪ ᠤᠨ ᠲᠠᠨᠢᠯᠴᠠᠭᠤᠯᠤᠬᠰᠠᠨ ᠢᠶᠠᠷ᠂ ᠨᠤᠷᠧ ᠸᠢᠷᠦ᠋ᠰ ᠭᠤᠤᠯᠳᠠᠭᠤ ᠪᠤᠬᠢᠷᠳᠤᠬᠰᠠᠨ | ᠢᠳᠡᠬᠡᠨ᠂ ᠤᠰᠤ᠂ ᠡᠪᠡᠳᠴᠢᠳᠡᠨ ᠤ ᠢᠯᠭᠠᠳᠠᠰᠦ ᠪᠤᠶᠤ ᠪᠦᠬᠡᠯᠵᠢᠰᠦ ᠲᠠᠢ ᠬᠦᠷᠦᠯᠴᠡᠭᠰᠡᠨ᠂ ᠡᠰᠡᠬᠦᠯ᠎ᠡ ᠪᠤᠬᠢᠷᠳᠤᠬᠰᠠᠨ ᠭᠠᠷ᠂ ᠪᠤᠳᠠᠰ ᠪᠤᠶᠤ ᠬᠡᠷᠡᠭᠰᠡᠯ ᠲᠠᠢ | ᠬᠦᠷᠦᠯᠴᠡᠭᠰᠡᠨ ᠵᠢᠴᠢ ᠪᠦᠬᠡᠯᠵᠢᠰᠦ ᠪᠤᠶᠤ ᠪᠠᠭᠠᠰᠦ ᠠᠴᠠ ᠡᠬᠦᠰᠦᠭᠰᠡᠨ ᠬᠡᠢ ᠴᠠᠪᠠᠤᠯᠢᠭ ᠠᠭᠤᠰᠤᠮᠠᠯ ᠵᠡᠷᠭᠡ ᠠᠴᠠ ᠬᠠᠯᠳᠠᠪᠦᠷᠢᠯᠠᠳᠠᠭ᠃ ᠤᠨᠴᠠᠭᠠᠶᠢᠯᠠᠨ ᠠᠩᠬᠠᠷᠬᠤ | ᠴᠢᠬᠤᠯᠠᠳᠠᠢ ᠵᠦᠢᠯ ᠬᠡᠪᠡᠯ ᠮᠦᠯᠢ ᠬᠢᠰᠤᠭ᠎ᠠ ᠵᠡᠷᠭᠡ ᠬᠢᠰᠤᠭ᠎ᠠ ᠶᠢᠨ ᠲᠦᠷᠦᠯ ᠨᠢ ᠲᠠᠯᠠᠢ ᠶᠢᠨ ᠤᠰᠤᠨ ᠳᠠᠬᠢ ᠨᠤᠷᠧ ᠸᠢᠷᠦ᠋ᠰ ᠢ ᠡᠯᠪᠡᠭ ᠴᠤᠬᠠᠯᠠᠭᠤᠯᠤᠬᠰᠠᠨ ᠪᠠᠶᠢᠵᠦ᠂ | ᠠᠶᠦᠯ ᠲᠦᠭᠰᠢᠬᠦᠷᠢ ᠶᠡᠬᠡᠳᠡᠢ ᠢᠳᠡᠬᠡᠨ ᠪᠤᠯᠤᠨ᠎ᠠ ᠬᠡᠪᠡ᠃ | ᠪᠡᠬᠡᠵᠢᠩ ᠬᠤᠳᠠ ᠶᠢᠨ ᠡᠪᠡᠳᠴᠢᠨ ᠡᠮᠬᠡᠭ ᠢ ᠰᠡᠷᠬᠡᠶᠢᠯᠡᠨ ᠡᠵᠡᠮᠳᠡᠬᠦ ᠲᠦᠪ ᠤᠨ ᠬᠠᠯᠳᠠᠪᠦᠷᠢᠳᠤ ᠡᠪᠡᠳᠴᠢᠨ ᠤ ᠤᠷᠤᠨ ᠨᠤᠳᠤᠭ ᠤᠨ ᠡᠪᠡᠳᠴᠢᠨ ᠢ | ᠰᠡᠷᠬᠡᠶᠢᠯᠡᠨ ᠡᠵᠡᠮᠳᠡᠬᠦ ᠭᠠᠵᠠᠷ ᠤᠨ ᠲᠡᠳ᠋ ᠲᠠᠷᠤᠭ᠎ᠠ ᠵᠢᠶᠠ ᠯᠸᠢ ᠬᠡᠯᠡᠬᠦ ᠳᠡᠭᠡᠨ᠂ ᠬᠦᠮᠦᠨ ᠨᠤᠷᠧ ᠸᠢᠷᠦ᠋ᠰ ᠲᠤ ᠬᠠᠯᠳᠠᠪᠦᠷᠢᠯᠠᠬᠳᠠᠬᠰᠠᠨ ᠤ ᠲᠠᠷᠠᠭ᠎ᠠ ᠲᠦᠷᠬᠡᠨ | ᠴᠢᠨᠠᠷᠳᠠᠢ ᠬᠤᠳᠤᠭᠤᠳᠤ ᠬᠡᠳᠡᠰᠦᠨ ᠤ ᠦᠷᠪᠢᠰᠦᠯ ᠳᠤ ᠨᠡᠷᠪᠡᠭᠳᠡᠵᠦ ᠮᠡᠳᠡᠨ᠎ᠡ᠂ ᠶᠡᠷᠦ ᠳᠡᠭᠡᠨ 12 — 48 ᠴᠠᠭ ᠤᠨ ᠲᠤᠳᠤᠷ᠎ᠠ ᠡᠪᠡᠳᠴᠢᠨ ᠤ ᠢᠯᠡᠷᠡᠯ ᠭᠠᠷᠳᠠᠭ᠂ | ᠬᠠᠮᠤᠭ ᠤᠨ ᠦᠷᠬᠦᠯᠵᠢ ᠲᠤᠬᠢᠶᠠᠯᠳᠤᠳᠠᠭ ᠡᠪᠡᠳᠴᠢᠨ ᠤ ᠢᠯᠡᠷᠡᠯ ᠪᠤᠯ ᠰᠠᠭᠤᠯᠭᠠᠬᠤ ᠪᠡ ᠪᠦᠬᠡᠯᠵᠢᠬᠦ ᠪᠤᠯᠤᠨ᠎ᠠ᠂ ᠲᠠᠷᠠᠭᠠᠯᠠᠪᠠᠯ ᠲᠤᠷ᠎ᠠ ᠪᠤᠯᠬᠢᠬᠤ᠂ ᠬᠡᠳᠡᠰᠦ | ᠡᠪᠡᠳᠬᠦ᠂ ᠲᠤᠯᠤᠭᠠᠢ ᠡᠪᠡᠳᠬᠦ᠂ ᠬᠠᠯᠠᠭᠤᠷᠠᠬᠤ᠂ ᠲᠠᠭᠠᠷᠠᠳᠠᠰᠦ ᠬᠦᠷᠬᠦ ᠪᠠ ᠪᠤᠯᠴᠢᠩ ᠮᠢᠬ᠎ᠠ ᠱᠠᠷᠬᠢᠷᠠᠨ ᠡᠪᠡᠳᠬᠦ ᠵᠡᠷᠭᠡ ᠪᠤᠯᠤᠨ᠎ᠠ᠃ ᠡᠬᠦᠨ ᠳᠤ ᠪᠠᠶᠢᠡᠭᠭᠤ | ᠲᠤᠬᠢᠶᠠᠯᠳᠤᠳᠠᠭ ᠡᠪᠡᠳᠴᠢᠨ ᠤ ᠢᠯᠡᠷᠡᠯ ᠪᠤᠯ ᠰᠠᠭᠤᠯᠭᠠᠬᠤ ᠪᠠ ᠪᠦᠬᠡᠯᠵᠢᠬᠦ᠂ ᠲᠠᠷᠠᠭᠠᠯᠠᠪᠠᠯ ᠲᠤᠷ᠎ᠠ ᠪᠤᠯᠬᠢᠬᠤ᠂ ᠬᠡᠳᠡᠰᠦ ᠡᠪᠡᠳᠬᠦ᠂ ᠲᠤᠯᠤᠭᠠᠢ ᠡᠪᠡᠳᠬᠦ᠂ | ᠬᠠᠯᠠᠭᠤᠷᠠᠬᠤ᠂ ᠲᠠᠭᠠᠷᠠᠳᠠᠰᠦ ᠬᠦᠷᠬᠦ ᠪᠠ ᠪᠤᠯᠴᠢᠩ ᠮᠢᠬ᠎ᠠ ᠱᠠᠷᠬᠢᠷᠠᠨ ᠡᠪᠡᠳᠬᠦ ᠵᠡᠷᠭᠡ ᠪᠤᠯᠤᠨ᠎ᠠ᠃ ᠬᠡᠤᠬᠡᠳ ᠨᠠᠰᠦᠨ ᠳᠤ ᠬᠦᠷᠦᠭᠰᠡᠳ ᠠᠴᠠ ᠨᠡᠩ ᠠᠮᠠᠷᠬᠠᠨ | ᠪᠦᠬᠡᠯᠵᠢᠬᠦ ᠢᠯᠡᠷᠡᠯ ᠭᠠᠷᠳᠠᠭ ᠬᠡᠪᠡ᠃ | ᠵᠢᠶᠠ ᠯᠸᠢ᠄ ︽ᠨᠤᠷᠧ ᠸᠢᠷᠦ᠋ᠰ ᠤᠨ ᠲᠦᠷᠬᠡᠨ ᠴᠢᠨᠠᠷᠳᠠᠢ ᠬᠤᠳᠤᠭᠤᠳᠤ ᠬᠡᠳᠡᠰᠦᠨ ᠤ ᠦᠷᠪᠢᠰᠦᠯ ᠪᠤᠯ ᠦᠪᠡᠷ ᠢ ᠪᠠᠨ ᠬᠢᠵᠠᠭᠠᠷᠯᠠᠬᠤ ᠴᠢᠨᠠᠷᠳᠠᠢ | ᠡᠪᠡᠳᠴᠢᠨ ᠮᠦᠨ᠂ ᠡᠪᠡᠳᠴᠢᠨ ᠤ ᠪᠠᠶᠢᠳᠠᠯ ᠨᠢ ᠬᠦᠡᠭᠭᠡᠨ᠂ ᠶᠡᠷᠦ ᠳᠡᠭᠡᠨ 2 ᠠᠴᠠ 3 ᠡᠳᠦᠷ ᠠᠮᠠᠷᠠᠪᠠᠯ ᠲᠠᠷᠦᠢ ᠡᠳᠡᠭᠡᠷᠡᠳᠡᠭ᠂ ᠬᠡᠪᠡᠴᠦ ᠦᠨᠳᠦᠷ ᠨᠠᠰᠦᠳᠠᠨ᠂ | ᠪᠠᠭ᠎ᠠ ᠨᠠᠰᠦᠨ ᠤ ᠬᠡᠤᠬᠡᠳ ᠪᠤᠶᠤ ᠰᠠᠭᠤᠷᠢ ᠴᠢᠨᠠᠷᠳᠠᠢ ᠡᠪᠡᠳᠴᠢᠨ ᠲᠠᠢ ᠡᠪᠡᠳᠴᠢᠳᠡᠨ ᠤ ᠡᠳᠡᠭᠡᠷᠡᠬᠦ ᠨᠢ ᠤᠳᠠᠭᠠᠨ᠂ ᠤᠨᠴᠠ ᠵᠠᠷᠢᠮ ᠡᠪᠡᠳᠴᠢᠨ ᠤ ᠵᠢᠱᠢᠶ᠎ᠡ ᠨᠢ | ᠬᠦᠨᠳᠤ ᠡᠪᠡᠳᠴᠢᠨ ᠪᠤᠯᠵᠦ ᠬᠤᠪᠢᠷᠠᠬᠤ ᠪᠤᠯᠤᠯᠴᠠᠭ᠎ᠠ ᠲᠠᠢ᠃ ᠤᠳᠤᠬᠠᠨ ᠳᠤ᠂ ᠨᠤᠷᠧ ᠸᠢᠷᠦ᠋ᠰ ᠢ ᠰᠡᠷᠬᠡᠶᠢᠯᠡᠬᠦ ᠸᠠᠺᠼᠢᠨ ᠪᠠᠶᠢᠬᠤ ᠦᠬᠡᠢ᠂ | ᠬᠠᠯᠳᠠᠪᠦᠷᠢᠯᠠᠬᠳᠠᠬᠰᠠᠨ ᠤ ᠲᠠᠷᠠᠭ᠎ᠠ ᠪᠠᠰᠠ ᠬᠡᠷᠡᠭᠯᠡᠵᠦ ᠪᠤᠯᠬᠤ ᠤᠨᠴᠠ ᠲᠤᠰᠠᠳᠠᠢ ᠡᠮ ᠪᠠᠶᠢᠬᠤ ᠦᠬᠡᠢ᠂ ᠡᠶᠢᠮᠦ ᠠᠴᠠ ᠰᠢᠩᠭᠡᠨ ᠨᠦᠬᠦᠬᠦ ᠪᠠ ᠡᠪᠡᠳᠴᠢᠨ ᠳᠤᠨᠢ | ᠲᠠᠭᠠᠷᠠᠭᠤᠯᠵᠦ ᠡᠮᠨᠡᠨ ᠵᠠᠰᠠᠬᠤ ᠪᠠᠷ ᠭᠤᠤᠯ ᠪᠤᠯᠭᠠᠵᠦ ᠪᠠᠶᠢᠨ᠎ᠠ᠂ ᠬᠡᠪᠡᠴᠦ ᠤᠰᠤ ᠠᠯᠳᠠᠬᠤ ᠨᠢ ᠬᠦᠨᠳᠤ ᠨᠤᠴᠢᠳᠠᠢ ᠪᠤᠯ ᠡᠮᠴᠢᠯᠡᠬᠡᠨ ᠤ ᠪᠠᠶᠢᠭᠤᠯᠤᠮᠵᠢ ᠳᠤ ᠬᠦᠷᠴᠦ | ᠡᠮᠨᠡᠬᠦᠯᠬᠦ ᠬᠡᠷᠡᠭᠳᠡᠢ︾ ᠬᠡᠵᠦ ᠰᠠᠨᠠᠭᠤᠯᠪᠠ᠃ | ᠲᠤᠰᠬᠠᠢ ᠮᠡᠷᠬᠡᠵᠢᠯᠳᠡᠨ ᠤ ᠬᠡᠯᠡᠬᠦ ᠪᠠᠷ᠂ ᠨᠤᠷᠧ ᠸᠢᠷᠦ᠋ᠰ ᠤᠨ ᠬᠠᠯᠳᠠᠪᠦᠷᠢᠯᠠᠯ ᠢ ᠰᠡᠷᠬᠡᠶᠢᠯᠡᠬᠦ ᠳᠤ ᠬᠡᠷ ᠤᠨ ᠠᠬᠠᠮᠡᠳ ᠶᠠᠭᠤᠨ ᠤ ᠡᠮᠦᠨ᠎ᠡ ᠬᠡᠤᠬᠡᠳ ᠢᠶᠠᠨ | ᠬᠤᠭᠤᠯᠠᠨ ᠤ ᠡᠮᠦᠨ᠎ᠡ ᠬᠤᠶᠢᠨ᠎ᠠ ᠰᠠᠪᠦᠩ ᠢᠶᠠᠷ ᠭᠠᠷ ᠢᠶᠠᠨ ᠰᠠᠶᠢᠳᠦᠷ ᠤᠬᠢᠶᠠᠬᠤ ᠰᠠᠶᠢᠨ ᠲᠠᠳᠬᠠᠯ ᠲᠠᠢ ᠪᠤᠯᠭᠠᠬᠤ ᠬᠡᠷᠡᠭᠳᠡᠢ᠂ ᠠᠷᠢᠭᠤᠳᠬᠠᠯ ᠤᠨ ᠴᠠᠭᠠᠰᠦ ᠪᠠ | ᠠᠷᠢᠭᠤᠳᠬᠠᠯ ᠤᠨ ᠰᠢᠩᠬᠡᠨ ᠢᠶᠠᠷ ᠭᠠᠷ ᠢᠶᠠᠨ ᠤᠬᠢᠶᠠᠬᠤ ᠶᠢ ᠤᠷᠤᠯᠠᠭᠤᠯᠵᠦ ᠪᠤᠯᠬᠤ ᠦᠬᠡᠢ᠂ ᠡᠬᠦᠨ ᠤ ᠬᠠᠮᠳᠤ ᠬᠡᠤᠬᠡᠳ ᠤᠨ ᠪᠡᠶ᠎ᠡ ᠶᠢᠨ ᠲᠠᠮᠢᠷ ᠤᠨ ᠪᠤᠯᠪᠠᠰᠦᠷᠠᠯ ᠢ | ᠴᠢᠩᠭᠠᠳᠬᠠᠵᠦ᠂ ᠢᠳᠡᠬᠡᠨ ᠤᠮᠳᠠᠭᠠᠨ ᠢ ᠨᠢ ᠲᠡᠩᠴᠡᠬᠦᠯᠵᠦ᠂ ᠠᠵᠢᠯᠯᠠᠵᠦ ᠠᠮᠠᠷᠠᠬᠤ ᠶᠢ ᠨᠢ ᠵᠤᠬᠢᠴᠠᠭᠤᠯᠵᠦ᠂ ᠪᠡᠶ᠎ᠡ ᠮᠠᠬᠠᠪᠦᠳ ᠤᠨ ᠡᠪᠡᠳᠴᠢᠨ ᠢ ᠡᠰᠡᠷᠬᠦᠴᠡᠬᠦ | ᠴᠢᠳᠠᠪᠦᠷᠢ ᠶᠢ ᠨᠢ ᠲᠡᠭᠡᠭᠰᠢᠯᠡᠬᠦᠯᠬᠦ ᠬᠡᠷᠡᠭᠳᠡᠢ ᠬᠡᠪᠡ᠃ | ᠡᠬᠦᠨ ᠠᠴᠠ ᠭᠠᠳᠠᠨ᠎ᠠ᠂ ᠬᠡᠤᠬᠡᠳ ᠲᠤ ᠰᠠᠨᠠᠭᠤᠯᠬᠤ ᠨᠢ᠂ ᠠᠩᠬᠢ ᠶᠢᠨ ᠲᠤᠳᠤᠷᠠᠬᠢ ᠬᠠᠮᠳᠤ ᠰᠤᠷᠤᠬᠴᠢ ᠪᠦᠬᠡᠯᠵᠢᠬᠦ ᠦᠶ᠎ᠡ ᠳᠤ ᠪᠠᠭᠰᠢ ᠶᠢᠨ | ᠵᠢᠯᠤᠭᠤᠳᠤᠯᠭ᠎ᠠ ᠲᠤᠤᠷ᠎ᠠ ᠵᠠᠪᠠᠯ ᠲᠤᠬᠠᠢ ᠶᠢᠨ ᠲᠠᠯᠠᠪᠦᠷ ᠠᠴᠠ ᠲᠦᠷᠬᠡᠨ ᠪᠦᠭᠡᠳ ᠡᠮᠬᠢ ᠵᠢᠷᠦᠮ ᠲᠠᠢ ᠪᠠᠷ ᠰᠠᠯᠵᠦ᠂ ᠲᠤᠰᠬᠠᠢ ᠬᠦᠮᠦᠨ ᠠᠮᠠᠪᠴᠢ ᠪᠡᠬᠡᠯᠡᠢ ᠵᠡᠷᠭᠡ | ᠬᠠᠮᠠᠭᠠᠯᠠᠯᠳᠠ ᠶᠢᠨ ᠬᠡᠷᠡᠭᠰᠡᠯ ᠵᠡᠬᠦᠭᠰᠡᠨ ᠤᠷᠢᠳᠠᠯ ᠲᠤᠤᠷ᠎ᠠ ᠪᠦᠬᠡᠯᠵᠢᠰᠦ ᠵᠢᠴᠢ ᠪᠤᠬᠢᠷᠳᠤᠬᠰᠠᠨ ᠭᠠᠵᠠᠷ᠂ ᠡᠳ᠋ ᠪᠤᠳᠠᠰ ᠵᠡᠷᠭᠡ ᠶᠢ ᠡᠾᠯᠤᠷ ᠠᠭᠤᠯᠤᠬᠰᠠᠨ | ᠨᠠᠶᠢᠷᠠᠯᠭ᠎ᠠ ᠪᠠᠷ ᠵᠢᠷᠤᠮᠵᠢᠭᠤᠯᠤᠨ ᠠᠷᠢᠭᠤᠳᠬᠠᠵᠦ᠂ ᠸᠢᠷᠦ᠋ᠰ ᠬᠠᠯᠳᠠᠪᠦᠷᠢᠯᠠᠬᠤ ᠪᠤᠯᠤᠮᠵᠢ ᠶᠢ ᠪᠠᠭᠠᠰᠬᠠᠬᠤ ᠬᠡᠷᠡᠭᠳᠡᠢ ᠬᠡᠪᠡ᠃ | ᠪᠡᠬᠡᠵᠢᠩ ᠬᠤᠳᠠ ᠶᠢᠨ ᠡᠪᠡᠳᠴᠢᠨ ᠡᠮᠬᠡᠭ ᠢ ᠰᠡᠷᠬᠡᠶᠢᠯᠡᠨ ᠡᠵᠡᠮᠳᠡᠬᠦ ᠲᠦᠪ ᠠᠴᠠ ᠰᠠᠨᠠᠭᠤᠯᠤᠬᠰᠠᠨ ᠨᠢ᠂ ᠡᠯ᠎ᠡ ᠰᠤᠷᠭᠠᠭᠤᠯᠢ ᠬᠠᠯᠳᠠᠪᠦᠷᠢᠳᠤ ᠡᠪᠡᠳᠴᠢᠨ ᠢ | ᠰᠡᠷᠬᠡᠶᠢᠯᠡᠨ ᠡᠵᠡᠮᠳᠡᠬᠦ ᠲᠦᠰᠦᠯ ᠵᠢᠴᠢ ᠪᠠᠴᠢᠮ ᠪᠠᠶᠢᠳᠠᠯ ᠢ ᠠᠷᠭᠠᠴᠠᠭᠠᠬᠤ ᠲᠦᠰᠦᠯ ᠲᠤᠬᠳᠠᠭᠠᠵᠦ᠂ ᠦᠷᠯᠦᠬᠡ ᠦᠳᠡ ᠶᠢᠨ ᠪᠠᠶᠢᠴᠠᠭᠠᠯᠳᠠ᠂ ᠠᠵᠢᠯ ᠠᠴᠠ | ᠰᠠᠭᠠᠳᠠᠬᠰᠠᠨ ᠲᠠᠩᠰᠠᠯᠠᠯᠳᠠ᠂ ᠡᠪᠡᠳᠴᠢᠨ ᠤ ᠵᠢᠱᠢᠶ᠎ᠡ ᠶᠢ ᠮᠦᠷᠳᠡᠬᠦ ᠵᠢᠴᠢ ᠬᠢᠴᠢᠶᠡᠯ ᠰᠡᠷᠬᠦᠭᠡᠭᠰᠡᠨ ᠬᠡᠷᠡᠴᠢ ᠶᠢ ᠪᠠᠶᠢᠴᠠᠭᠠᠨ ᠰᠢᠯᠭᠠᠬᠤ ᠵᠡᠷᠭᠡ ᠲᠦᠷᠢᠮ ᠢ ᠴᠢᠩᠭ᠎ᠠ | ᠨᠠᠶᠢᠳᠠᠪᠦᠷᠢᠵᠢᠭᠤᠯᠬᠤ ᠬᠡᠷᠡᠭᠳᠡᠢ᠃ ᠬᠦᠢᠴᠡᠳ ᠪᠦᠭᠡᠳ ᠪᠦᠳᠦᠮᠵᠢᠳᠡᠢ ᠠᠷᠢᠭᠤᠳᠬᠠᠬᠤ ᠡᠳ᠋ ᠪᠤᠳᠠᠰ ᠵᠢᠴᠢ ᠬᠤᠪᠢ ᠬᠦᠮᠦᠨ ᠤ ᠬᠠᠮᠠᠭᠠᠯᠠᠯᠳᠠ ᠶᠢᠨ ᠡᠳ᠋ ᠪᠤᠳᠠᠰ ᠢ | ᠲᠤᠬᠢᠷᠠᠭᠤᠯᠵᠦ᠂ ᠰᠤᠷᠭᠠᠭᠤᠯᠢ ᠶᠢᠨ ᠲᠤᠳᠤᠷᠠᠬᠢ ᠬᠢᠴᠢᠶᠡᠯ ᠤᠨ ᠬᠡᠷ᠂ ᠪᠠᠶᠢᠷᠢ᠂ ᠬᠤᠭᠤᠯᠠᠨ ᠬᠡᠷ᠂ ᠠᠷᠢᠭᠤᠨ ᠴᠡᠪᠡᠷ ᠤᠨ ᠲᠠᠰᠤᠯᠭ᠎ᠠ ᠵᠡᠷᠭᠡ ᠭᠤᠤᠯᠳᠠᠯᠭ᠎ᠠ ᠲᠠᠢ | ᠤᠯᠠᠨ ᠨᠡᠶᠢᠳᠡ ᠶᠢᠨ ᠲᠠᠯᠠᠪᠦᠷ ᠤᠨ ᠡᠬᠦᠳᠡᠨ ᠪᠠᠷᠢᠭᠤᠯ᠂ ᠠᠰᠠᠷ ᠤᠨ ᠱᠠᠳᠦᠨ ᠤ ᠲᠦᠰᠢᠬᠦᠷ᠂ ᠤᠰᠤᠨ ᠲᠠᠳᠠᠭᠠᠯ᠂ ᠵᠤᠷᠯᠤᠩ ᠤᠨ ᠰᠠᠪᠠ᠂ ᠴᠠᠬᠢᠯᠭᠠᠨ ᠱᠠᠳᠦᠨ ᠤ | ᠲᠠᠷᠤᠭᠤᠯ ᠵᠡᠷᠭᠡ ᠶᠢ ᠲᠤᠬᠳᠠᠮᠠᠯ ᠬᠤᠭᠤᠴᠠᠭ᠎ᠠ ᠲᠠᠢ ᠪᠠᠷ ᠴᠡᠪᠡᠷᠯᠡᠨ ᠠᠷᠢᠭᠤᠳᠬᠠᠬᠤ ᠬᠡᠷᠡᠭᠳᠡᠢ ᠬᠡᠪᠡ᠃ | |