ᠦᠵᠡᠮᠵᠢ ᠶᠢᠨ ᠣᠷᠣᠨ ᠵᠢᠭᠤᠯᠴᠢᠯᠠᠯ ᠤᠨ ᠭᠠᠵᠠᠷ ᠢᠶᠠᠷ ᠵᠢᠭᠤᠯᠴᠢᠯᠠᠬᠰᠡᠳ ᠰᠢᠬᠠᠯᠳᠤᠵᠤ᠂ ᠺᠢᠨᠣ᠋ ᠲᠢᠶᠠᠲᠷ ᠤᠨ ᠣᠷᠳᠣᠨ ᠳᠤ ᠦᠵᠡᠭᠴᠢᠳ ᠳᠦᠭᠦᠷᠲᠡᠯ᠎ᠡ | ᠰᠠᠭᠤᠵᠤ᠂ ᠢᠳᠡᠭᠡᠨ ᠤᠮᠳᠠᠭᠠᠨ ᠬᠤᠨᠤᠭ ᠪᠠᠭᠤᠳᠠᠯ ᠤᠨ ᠬᠡᠷᠡᠭᠯᠡᠭᠡ ᠬᠥᠭᠵᠢᠶᠡᠨ ᠲᠠᠢ ᠪᠣᠯᠣᠯ᠎ᠠ ᠁ ᠤᠯᠤᠰ ᠤᠨ ᠪᠠᠶᠠᠷ ᠤᠨ ᠠᠮᠠᠷᠠᠯᠲᠠ ᠶᠢᠨ ᠬᠤᠭᠤᠴᠠᠭᠠᠨ ᠳᠤ | ᠥᠪᠥᠷ ᠮᠣᠩᠭᠤᠯ ᠤᠨ ᠰᠣᠶᠣᠯ ᠵᠢᠭᠤᠯᠴᠢᠯᠠᠯ ᠤᠨ ᠵᠠᠬ᠎ᠠ ᠳᠡᠯᠭᠡᠭᠦᠷ ᠦᠷᠭᠦᠯᠵᠢᠯᠡᠨ ᠰᠠᠶᠢᠨ ᠪᠠᠶᠢᠳᠠᠯ ᠢᠶᠠᠨ ᠪᠠᠲᠤᠯᠠᠪᠠ᠃ ᠡᠶᠢᠨ ᠬᠦ ᠪᠦᠭᠦ ᠣᠷᠣᠨ ᠤ ᠡᠯ᠎ᠡ | ᠭᠠᠵᠠᠷ ᠤᠨ ᠬᠢᠨ ᠬᠤᠶᠢᠨ᠎ᠠ ᠬᠤᠶᠢᠨ᠎ᠠ ᠠᠴᠠ ᠪᠠᠨ ᠰᠠᠨᠠᠭᠠᠴᠢᠯᠠᠭ᠎ᠠ ᠭᠠᠷᠭᠠᠪᠠ᠄ ᠤᠯᠠᠨ ᠨᠡᠶᠢᠲᠡ ᠶᠢᠨ ᠡᠮᠬᠢ ᠳᠢᠭᠯᠢᠮ ᠢ ᠤᠬᠠᠮᠰᠠᠷ ᠠᠴᠠ ᠪᠠᠨ ᠵᠢᠷᠤᠮᠯᠠᠵᠤ᠂ ᠬᠤᠭ | ᠨᠣᠪᠰᠢ ᠶᠢ ᠳᠤᠷ᠎ᠠ ᠪᠠᠷ ᠬᠠᠶᠠᠬᠤ ᠦᠭᠡᠢ᠂ ᠭᠠᠵᠠᠷ ᠪᠣᠯᠭᠠᠨ ᠳᠤ ᠨᠤᠯᠮᠤᠬᠤ ᠦᠭᠡᠢ᠂ ᠡᠷᠦᠢ ᠬᠤᠷᠤᠢ ᠦᠭᠡᠢ ᠵᠢᠷᠤᠬᠤ ᠦᠭᠡᠢ᠂ ᠨᠡᠶᠢᠲᠡ ᠶᠢᠨ ᠡᠳ᠋ ᠬᠤᠭᠰᠢᠯ ᠢ | ᠡᠪᠳᠡᠬᠦ ᠦᠭᠡᠢ ᠁ ᠦᠭᠡ ᠦᠰᠦᠭ ᠨᠢᠭᠡ ᠪᠦᠷᠢ ᠳᠤ ᠴᠥᠮ ᠪᠠᠶᠠᠷ ᠳᠤᠷᠠᠰᠬᠠᠯ ᠤᠨ ᠡᠳᠦᠷ ᠢᠶᠠᠨ ᠪᠣᠯᠪᠠᠰᠤᠨ ᠢᠶᠠᠷ ᠥᠩᠭᠡᠷᠡᠭᠦᠯᠬᠦ ᠶᠢᠨ ᠴᠢᠬᠤᠯᠠ ᠴᠢᠨᠠᠷ ᠢ | ᠰᠠᠨᠠᠭᠤᠯᠪᠠ᠃ | ᠠᠮᠠᠷᠠᠯᠲᠠ ᠶᠢᠨ ᠬᠤᠭᠤᠴᠠᠭ᠎ᠠ ᠪᠣᠯ ᠪᠣᠯᠪᠠᠰᠤᠨ ᠤ ᠳᠦᠷᠢ ᠲᠥᠷᠬᠦ ᠶᠢ ᠢᠯᠡᠷᠡᠭᠦᠯᠦᠨ ᠲᠤᠰᠬᠠᠬᠤ ᠴᠣᠩᠬᠤᠪᠴᠢ ᠮᠥᠨ᠃ ᠠᠷᠠᠳ ᠢᠷᠭᠡᠳ ᠤᠨ ᠬᠡᠪ | ᠪᠣᠯᠪᠠᠰᠤᠷᠠᠯ ᠤᠨ ᠳᠡᠭᠡᠭᠰᠢᠯᠡᠬᠦ ᠶᠢ ᠳᠠᠭᠠᠯᠳᠤᠨ ᠪᠣᠯᠪᠠᠰᠤᠨ ᠵᠢᠭᠤᠯᠴᠢᠯᠠᠯ ᠤᠨ ᠣᠶᠢᠯᠠᠭᠠᠭᠳᠠᠬᠤᠨ ᠡᠳᠦᠷ ᠢᠷᠡᠬᠦᠶ᠎ᠡ ᠬᠥᠮᠥᠰ ᠤᠨ ᠰᠡᠳᠬᠢᠯ ᠳᠤ ᠭᠦᠨ ᠬᠠᠳᠠᠩᠰᠢᠪᠠ᠃ | ᠴᠡᠴᠡᠭ ᠡᠪᠡᠰᠦ ᠴᠢᠬᠢ ᠮᠣᠳᠣ ᠶᠢ ᠲᠠᠰᠤᠳᠠᠵᠤ ᠬᠤᠭᠤᠯᠬᠤ ᠦᠭᠡᠢ᠂ ᠤᠯᠠᠨ ᠨᠡᠶᠢᠲᠡ ᠶᠢᠨ ᠲᠠᠯᠠᠪᠤᠷ ᠲᠤ ᠶᠡᠭᠡ ᠲᠠᠭᠤᠨ ᠢᠶᠠᠷ ᠦᠢᠮᠡᠯᠳᠦᠬᠦ ᠦᠭᠡᠢ᠂ ᠲᠡᠦᠬᠡ ᠶᠢᠨ | ᠳᠤᠷᠠᠰᠬᠠᠯᠲᠤ ᠵᠦᠢᠯᠡᠰ ᠢ ᠬᠠᠯᠳᠠᠵᠤ ᠡᠪᠳᠡᠬᠦ ᠦᠭᠡᠢ᠂ ᠲᠠᠮᠠᠬᠢ ᠴᠠᠭᠠᠵᠠᠯᠠᠬᠤ ᠲᠠᠯᠠᠪᠤᠷ ᠲᠤ ᠲᠠᠮᠠᠬᠢ ᠲᠠᠲᠠᠬᠤ ᠦᠭᠡᠢ ᠭᠡᠬᠦ ᠵᠡᠷᠭᠡ ᠨᠢ ᠶᠠᠭ ᠨᠠᠩ ᠤᠯᠠᠨ ᠬᠥᠮᠥᠨ ᠤ | ᠤᠬᠠᠮᠰᠠᠷᠲᠤ ᠠᠵᠢᠯᠯᠠᠭ᠎ᠠ ᠪᠣᠯᠵᠤ ᠪᠠᠶᠢᠨ᠎ᠠ᠃ ᠭᠡᠪᠡᠴᠦ ᠵᠠᠷᠢᠮ ᠪᠣᠯᠪᠠᠰᠤᠨ ᠪᠤᠰᠤ ᠠᠵᠢᠯᠯᠠᠭ᠎ᠠ ᠦᠷᠭᠦᠯᠵᠢ ᠡᠭᠦᠰᠴᠦ ᠯᠡ ᠪᠠᠶᠢᠳᠠᠭ᠂ ᠵᠢᠱᠢᠶᠡᠯᠡᠪᠡᠯ ᠪᠠᠴᠢᠮ ᠪᠠᠶᠢᠳᠠᠯ ᠢ | ᠠᠷᠭᠠᠴᠠᠭᠠᠬᠤ ᠲᠡᠷᠭᠡᠨ ᠵᠠᠮ ᠢᠶᠠᠷ ᠮᠠᠰᠢᠨ ᠢᠶᠠᠨ ᠵᠢᠯᠤᠭᠤᠳᠬᠤ᠂ ᠡᠯᠳᠡᠪ ᠶᠠᠭᠤᠮ᠎ᠠ ᠪᠠᠨ ᠳᠤᠷ᠎ᠠ ᠪᠠᠷ ᠢᠶᠠᠨ ᠬᠠᠶᠠᠬᠤ᠂ ᠮᠥᠷᠯᠡᠵᠦ ᠪᠠᠶᠢᠭ᠎ᠠ ᠬᠥᠮᠥᠰ ᠤᠨ ᠡᠩᠨᠡᠭᠡ | ᠡᠰᠡᠬᠦᠯ᠎ᠡ ᠠᠶᠠᠯᠠᠵᠤ ᠪᠠᠶᠢᠭ᠎ᠠ ᠲᠡᠷᠭᠡᠨ ᠤ ᠬᠤᠭᠤᠷᠣᠨᠳᠤ ᠳᠤᠷ᠎ᠠ ᠪᠠᠨ ᠢᠶᠠᠨ ᠰᠢᠬᠠᠵᠤ ᠣᠷᠣᠬᠤ ᠵᠡᠷᠭᠡ ᠨᠢ ᠶᠠᠪᠤᠵᠤ ᠰᠠᠭᠤᠬᠤ ᠳᠤ ᠬᠠᠷᠰᠢ ᠰᠠᠭᠠᠳ | ᠤᠴᠠᠷᠠᠭᠤᠯᠤᠭᠰᠠᠨ ᠢᠶᠠᠷ ᠪᠠᠷᠠᠬᠤ ᠦᠭᠡᠢ ᠨᠠᠩ ᠴᠤ ᠪᠣᠯᠪᠠᠰᠤᠨ ᠢ ︽ᠥᠩᠭᠡ ᠠᠯᠳᠠᠭᠤᠯᠤᠭᠰᠠᠨ︾ ᠪᠠᠶᠢᠨ᠎ᠠ᠃ | ᠪᠣᠯᠪᠠᠰᠤᠨ ᠡᠶ᠎ᠡ ᠵᠣᠬᠢᠴᠠᠩᠭᠤᠢ᠂ ᠠᠮᠤᠷ ᠲᠦᠪᠰᠢᠨ ᠡᠮᠬᠢ ᠳᠢᠭᠯᠢᠮ ᠲᠠᠢ ᠣᠷᠴᠢᠨ ᠲᠣᠭᠤᠷᠢᠨ ᠳᠤ ᠬᠥᠮᠥᠨ ᠪᠦᠭᠦᠨ ᠠᠰᠢᠭ ᠭᠦᠷᠳᠡᠭᠴᠢ ᠪᠤᠯᠬᠤ ᠪᠠᠷ | ᠪᠠᠷᠠᠬᠤ ᠦᠭᠡᠢ ᠪᠠᠰᠠ ᠪᠦᠲᠦᠭᠡᠨ ᠪᠠᠶᠢᠭᠤᠯᠤᠭᠴᠢ ᠪᠣᠯᠣᠨ᠎ᠠ᠃ ᠪᠢᠳᠡ ᠥᠪᠡᠷ ᠤᠨ ᠪᠡᠶ᠎ᠡ ᠳᠡᠭᠡᠨ ᠳᠥᠭᠦᠮ ᠦᠵᠡᠭᠦᠯᠭᠦ ᠪᠠᠷ ᠪᠠᠷᠠᠬᠤ ᠦᠭᠡᠢ ᠪᠠᠰᠠ ᠪᠤᠰᠤᠳ ᠢ | ᠪᠣᠳᠣᠯᠬᠢᠯᠠᠬᠤ ᠳᠤ ᠭᠦᠷᠪᠡᠯ᠂ ᠣᠷᠣ ᠡᠵᠡᠯᠡᠬᠦ᠂ ᠮᠥᠷᠯᠡᠵᠦ ᠪᠠᠶᠢᠭ᠎ᠠ ᠬᠥᠮᠥᠰ ᠤᠨ ᠡᠩᠨᠡᠭᠡ ᠡᠰᠡᠬᠦᠯ᠎ᠡ ᠲᠡᠷᠭᠡᠨ ᠤ ᠬᠤᠭᠤᠷᠣᠨᠳᠤ ᠳᠤᠷ᠎ᠠ ᠪᠠᠨ ᠢᠶᠠᠨ ᠰᠢᠬᠠᠵᠤ | ᠣᠷᠣᠬᠤ ᠦᠢᠯᠡ ᠠᠵᠢᠯᠯᠠᠭ᠎ᠠ ᠨᠠᠩ ᠴᠥᠭᠡᠨ ᠪᠤᠯᠤᠨ᠎ᠠ; ᠪᠢᠳᠡ ᠶᠣᠰᠣ ᠵᠢᠷᠤᠮ ᠢ ᠦᠯᠦ ᠵᠥᠷᠢᠴᠡᠨ᠂ ᠪᠠᠶᠢᠭᠠᠯᠢ᠂ ᠲᠡᠦᠬᠡ ᠶᠢᠨ ᠳᠤᠷᠠᠰᠬᠠᠯᠲᠤ ᠵᠦᠢᠯᠡᠰ ᠢ | ᠢᠯᠡᠭᠦᠬᠡᠨ ᠬᠦᠨᠳᠦᠳᠬᠡᠨ ᠪᠢᠰᠢᠷᠡᠬᠦ ᠳᠤ ᠭᠦᠷᠪᠡᠯ᠂ ᠦᠰᠦᠭ ᠰᠡᠶᠢᠯᠦᠨ ᠪᠢᠴᠢᠭᠡᠰᠦ ᠦᠯᠡᠳᠡᠭᠡᠵᠦ᠂ ᠮᠠᠴᠤᠵᠤ ᠭᠢᠰᠬᠢᠯᠡᠬᠦ ᠡᠪᠳᠡᠯᠡᠭᠡ ᠨᠡᠩ ᠴᠥᠭᠡᠨ ᠪᠤᠯᠤᠨ᠎ᠠ; | ᠪᠢᠳᠡ ︽ᠶᠢᠷᠲᠢᠨᠴᠦ ᠶᠢᠨ ᠲᠦᠮᠡᠨ ᠪᠣᠳᠠᠰ ᠥᠪᠡᠷ ᠥᠪᠡᠷ ᠤᠨ ᠢᠶᠠᠨ ᠣᠨᠴᠠᠯᠢᠭ ᠲᠠᠢ ᠪᠠᠶᠢᠬᠤ ᠨᠢ ᠪᠤᠰᠤᠳᠴᠢ ᠪᠠᠶᠢᠳᠠᠯ ᠪᠣᠯᠣᠨ᠎ᠠ︾ ᠭᠡᠳᠡᠭ ᠢ ᠨᠡᠩ ᠭᠦᠨᠵᠡᠭᠡᠢ | ᠣᠶᠢᠯᠠᠭᠠᠵᠤ ᠴᠢᠳᠠᠪᠠᠯ᠂ ᠰᠣᠶᠣᠯ ᠤᠨ ᠮᠥᠷᠭᠦᠯᠳᠦᠭᠡᠨ᠂ ᠠᠳᠡᠭᠦᠦ ᠣᠶᠢᠯᠠᠭᠠᠯᠲᠠ ᠨᠡᠩ ᠴᠥᠭᠡᠨ ᠪᠣᠯᠣᠨ᠎ᠠ ᠁ ᠪᠣᠯᠪᠠᠰᠤᠨ ᠢᠶᠠᠷ ᠠᠮᠠᠷᠠᠯᠲᠠ ᠶᠢᠨ ᠬᠤᠭᠤᠴᠠᠭ᠎ᠠ | ᠪᠠᠨ ᠥᠩᠭᠡᠷᠡᠭᠦᠯᠵᠦ᠂ ᠪᠣᠯᠪᠠᠰᠤᠨ ᠮᠣᠷᠠᠯ ᠢ ᠥᠷᠭᠡᠨ ᠢᠶᠠᠷ ᠳᠡᠯᠭᠡᠷᠡᠭᠦᠯᠦᠨ ᠳᠠᠮᠵᠢᠭᠤᠯᠪᠠᠯ᠂ ᠥᠩᠭᠡ ᠦᠵᠡᠮᠵᠢ ᠨᠡᠩ ᠦᠵᠡᠰᠬᠦᠯᠡᠩᠲᠦ ᠰᠠᠶᠢᠬᠠᠨ ᠪᠤᠯᠬᠤ ᠪᠠᠷ | ᠪᠠᠷᠠᠬᠤ ᠦᠭᠡᠢ ᠠᠮᠢᠳᠤᠷᠠᠯ ᠴᠤ ᠨᠡᠩ ᠰᠠᠶᠢᠨ ᠰᠠᠶᠢᠬᠠᠨ ᠪᠣᠯᠵᠤ ᠴᠢᠳᠠᠨ᠎ᠠ᠃ | ᠥᠩᠭᠡ ᠦᠵᠡᠮᠵᠢ ᠮᠢᠩᠭ᠎ᠠ ᠲᠦᠮᠡ ᠪᠠᠷ ᠪᠠᠶᠢᠪᠠᠴᠤ ᠬᠠᠮᠤᠭ ᠤᠨ ᠭᠤᠶᠢᠳᠠ ᠦᠵᠡᠮᠵᠢ ᠨᠢ ᠬᠠᠷᠢᠨ ᠪᠣᠯᠪᠠᠰᠤᠨ ᠰᠤᠷᠲᠠᠯ ᠪᠣᠯᠣᠨ᠎ᠠ᠃ ᠪᠣᠯᠪᠠᠰᠤᠨ ᠪᠣᠯ | ᠵᠥᠪᠭᠡᠨ ᠤᠷᠢᠶ᠎ᠠ ᠲᠡᠳᠦᠢ ᠪᠢᠰᠢ᠂ ᠬᠠᠷᠢᠨ ᠬᠥᠮᠥᠨ ᠨᠢᠭᠡ ᠪᠦᠷᠢ ᠶᠢᠨ ᠪᠣᠳᠠᠲᠤ ᠠᠵᠢᠯᠯᠠᠭ᠎ᠠ ᠪᠤᠯᠬᠤ ᠶᠣᠰᠣᠲᠠᠢ᠃ ᠪᠢᠳᠡ ᠥᠪᠡᠷ ᠤᠨ ᠪᠡᠶ᠎ᠡ ᠠᠴᠠ ᠪᠠᠨ ᠡᠬᠢᠯᠡᠨ | ᠬᠢᠵᠦ᠂ ᠵᠢᠵᠢᠭ ᠰᠠᠵᠢᠭ ᠶᠠᠪᠤᠳᠠᠯ ᠠᠴᠠ ᠭᠠᠷᠳᠠᠵᠤ᠂ ᠥᠪᠡᠷ ᠤᠨ ᠰᠠᠶᠢᠨ ᠰᠠᠶᠢᠬᠠᠨ ᠦᠢᠯᠡ ᠠᠵᠢᠯᠯᠠᠭ᠎ᠠ ᠪᠠᠷ ᠢᠶᠠᠨ ᠪᠣᠯᠪᠠᠰᠤᠨ ᠤ ᠦᠵᠡᠰᠬᠦᠯᠡᠩᠲᠦ ᠰᠠᠶᠢᠬᠠᠨ | ᠦᠵᠡᠮᠵᠢ ᠶᠢ ᠬᠠᠮᠲᠤ ᠪᠠᠷ ᠵᠢᠷᠤᠭᠯᠠᠵᠤ᠂ ᠪᠠᠶᠢᠭᠠᠯᠢ ᠶᠢᠨ ᠭᠤᠸ᠎ᠠ ᠰᠠᠶᠢᠬᠠᠨ ᠢ ᠬᠠᠮᠲᠤ ᠪᠠᠷ ᠣᠶᠢᠯᠠᠭᠠᠵᠤ᠂ ᠰᠣᠶᠣᠯ ᠢᠷᠭᠡᠨᠰᠢᠯ ᠤᠨ ᠭᠤᠸ᠎ᠠ ᠰᠠᠶᠢᠬᠠᠨ ᠢ ᠬᠠᠮᠲᠤ ᠪᠠᠷ | ᠮᠡᠳᠡᠷᠡᠵᠦ᠂ ᠪᠣᠯᠪᠠᠰᠤᠨ ᠤ ᠭᠤᠸ᠎ᠠ ᠰᠠᠶᠢᠬᠠᠨ ᠢ ᠬᠠᠮᠲᠤ ᠪᠠᠷ ᠡᠳ᠋ᠯᠡᠵᠡᠭᠡᠶ᠎ᠡ᠃ | |