ᠳ᠋ᠠᠨᠵᠤᠤᠷ ᠢ ᠥᠪᠯᠡᠭᠰᠡᠨ ᠳᠠᠭᠰᠢᠨ ᠤᠷᠤᠨ
ᠨᠡᠶᠢᠲᠡᠯᠡᠭᠰᠡᠨ ᠴᠠᠭ᠄
2024/10/9
        1791 ᠣᠨ ᠳᠤ ᠲᠡᠭᠷᠢ ᠲᠡᠳᠬᠦᠭᠴᠢ ᠬᠠᠭᠠᠨ ᠬᠠᠶᠠᠩᠬᠢᠷᠸ᠎ᠠ ᠰᠦᠮ᠎ᠡ ᠳᠤ ᠮᠤᠩᠭᠤᠯ ︽ᠳ᠋ᠠᠨᠵᠤᠤᠷ︾ ᠬᠡᠮᠡᠬᠦ ᠠᠪᠤᠷᠭᠤ ᠰᠤᠳᠤᠷ ᠢ ᠱᠠᠩᠨᠠᠨ ᠦᠭᠬᠦᠭᠰᠡᠨ ᠠᠴᠠ ᠡᠳᠦᠭᠡ ᠬᠦᠷᠳᠡᠯ᠎ᠡ ᠬᠤᠶᠠᠷ ᠵᠠᠭᠤ ᠭᠠᠷᠤᠢ ᠵᠢᠯ ᠤᠨ ᠲᠡᠦᠬᠡ ᠲᠠᠢ ᠪᠤᠯᠪᠠ᠃ ᠮᠤᠩᠭᠤᠯ ︽ᠳ᠋ᠠᠨᠵᠤᠤᠷ︾ ᠰᠤᠳᠤᠷ ᠪᠤᠯ ᠪᠤᠷᠬᠠᠨ ᠱᠠᠰᠢᠨ ᠤ ᠳᠡᠯᠡᠭᠡᠢ ᠳᠤ ᠠᠯᠳᠠᠷᠲᠠᠢ ᠶᠡᠭᠡ ᠬᠦᠯᠭᠡᠨ ᠰᠤᠳᠤᠷ ᠪᠤᠯᠤᠨ᠎ᠠ᠃ ᠲᠡᠷᠡ ᠨᠢ ᠮᠠᠨ ᠤ ᠤᠯᠤᠰ ᠤᠨ ᠮᠤᠩᠭᠤᠯ᠂ ᠲᠦᠪᠡᠳ᠂ ᠮᠠᠨᠵᠤ᠂ ᠬᠢᠳᠠᠳ ᠵᠡᠷᠭᠡ ᠣᠯᠠᠨ ᠦᠨᠳᠦᠰᠦᠳᠡᠨ ᠤ ᠰᠤᠶᠤᠯ ᠤᠨ ᠰᠤᠯᠢᠯᠴᠠᠭᠠᠨ ᠤ ᠠᠪᠤᠷᠭᠤ ᠪᠦᠳᠦᠭᠡᠯ ᠪᠤᠯᠬᠤ ᠪᠠᠷ ᠦᠯᠦ ᠪᠠᠷᠠᠨ᠂ ᠮᠤᠩᠭᠤᠯᠴᠤᠳ ᠤᠨ ᠳᠤᠮᠳᠠ ᠪᠤᠷᠬᠠᠨ ᠱᠠᠰᠢᠨ ᠤ ᠬᠦᠭᠵᠢᠯᠲᠡ ᠶᠢᠨ ᠲᠦᠪᠯᠡᠷᠡᠭᠰᠡᠨ ᠢᠯᠡᠷᠡᠯ ᠪᠣᠯᠬᠤ ᠪᠦᠭᠡᠳ ᠮᠤᠩᠭᠤᠯ ᠰᠤᠶᠤᠯ ᠤᠨ ᠲᠡᠦᠬᠡᠨ ᠳᠠᠬᠢ ᠣᠷᠴᠢᠭᠤᠯᠭ᠎ᠠ ᠶᠢᠨ ᠠᠪᠤᠷᠭᠤ᠂ ᠪᠠᠷᠯᠠᠯ ᠬᠡᠪᠯᠡᠯ ᠤᠨ ᠠᠪᠤᠷᠭᠤ ᠪᠦᠳᠦᠭᠡᠯ ᠪᠤᠯᠬᠤ ᠶᠤᠮ᠃ ︽ᠳ᠋ᠠᠨᠵᠤᠤᠷ︾ ᠳᠤ ᠪᠤᠷᠬᠠᠨ ᠱᠠᠰᠢᠨ᠂ ᠬᠠᠤᠯᠢ ᠳᠦᠷᠢᠮ᠂ ᠶᠤᠰᠤ ᠰᠤᠷᠳᠠᠬᠤᠨ ᠤ ᠵᠦᠢᠯ ᠠᠭᠤᠯᠤᠭᠳᠠᠵᠤ ᠪᠠᠶᠢᠬᠤ ᠠᠴᠠ ᠭᠠᠳᠠᠨ᠎ᠠ ᠪᠠᠰᠠ ᠬᠦᠨ ᠤᠬᠠᠭᠠᠨ᠂ ᠯᠤᠬᠢᠭ ᠵᠦᠢ᠂ ᠬᠡᠯᠡ ᠵᠦᠢ᠂ ᠰᠢᠯᠦᠭ ᠲᠠᠭᠤᠯᠠᠯ᠂ ᠤᠷᠠᠨ ᠵᠢᠷᠤᠭ᠂ ᠲᠡᠭᠷᠢ ᠶᠢᠨ ᠵᠦᠢ᠂ ᠴᠠᠭ ᠤᠯᠠᠷᠢᠯ᠂ ᠡᠮ ᠡᠮᠨᠡᠯᠭᠡ᠂ ᠭᠠᠷ ᠤᠷᠠᠯᠠᠯ ᠵᠡᠷᠭᠡ ᠤᠯᠠᠨ ᠠᠷᠪᠢᠨ ᠬᠦᠷᠢᠶ᠎ᠡ ᠬᠡᠪᠴᠢᠶᠡᠨ ᠤ ᠠᠭᠤᠯᠭ᠎ᠠ ᠶᠢ ᠪᠠᠭᠳᠠᠭᠠᠵᠤ ᠪᠠᠶᠢᠳᠠᠭ᠃         1791 ᠣᠨ ᠳᠤ᠂ ᠮᠠᠨᠵᠤ ᠶᠢᠨ ᠲᠡᠭᠷᠢ ᠲᠡᠳᠬᠦᠭᠴᠢ ᠬᠠᠭᠠᠨ ᠠᠴᠠ ᠮᠤᠩᠭᠤᠯ ᠤᠨ ᠶᠡᠭᠡ ᠬᠦᠯᠭᠡᠨ ᠰᠤᠳᠤᠷ — ︽ᠳ᠋ᠠᠨᠵᠤᠤᠷ︾ ᠪᠤᠯᠤᠨ ᠲᠡᠷᠢᠬᠦᠨ ᠯᠠᠮᠠ ᠶᠢᠨ ᠲᠠᠮᠠᠭ᠎ᠠ ᠬᠤᠶᠠᠷ ᠢ ᠬᠦᠪᠡᠭᠡᠲᠦ ᠰᠢᠷ᠎ᠠ ᠬᠤᠰᠢᠭᠤᠨ ᠤ ᠬᠠᠶᠠᠩᠬᠢᠷᠸ᠎ᠠ ᠰᠦᠮ᠎ᠡ ᠶᠢᠨ ᠬᠤᠶᠠᠳᠤᠭᠠᠷ ᠲᠦᠷᠢ ᠶᠢᠨ ᠬᠡᠬᠡᠨ ᠰᠡᠴᠡᠨ ᠴᠤᠷᠵᠢ ᠳᠤᠷ ᠱᠠᠩᠨᠠᠵᠠᠢ᠃ ᠲᠤᠬᠠᠢ ᠶᠢᠨ ᠦᠶ᠎ᠡ ᠳᠤ ᠰᠦᠮ᠎ᠡ ᠶᠢᠨ ᠬᠠᠮᠢᠶᠠᠷᠤᠯᠲᠠ ᠰᠠᠶᠢᠨ ᠪᠠᠶᠢᠭᠰᠠᠨ ᠲᠤᠯᠠ ᠮᠤᠩᠭᠤᠯ ︽ᠳ᠋ᠠᠨᠵᠤᠤᠷ︾ ᠢ ᠮᠠᠰᠢ ᠰᠠᠶᠢᠨ ᠪᠦᠷᠢᠨ ᠪᠦᠳᠦᠨ ᠬᠠᠳᠠᠭᠠᠯᠠᠭᠰᠠᠭᠠᠷ ᠢᠷᠡᠭᠰᠡᠨ ᠶᠤᠮ᠃ ᠡᠳᠦᠬᠡ ᠲᠡᠯᠡᠭᠡᠢ ᠲᠡᠭᠡᠷ᠎ᠡ ᠮᠤᠩᠭᠤᠯ ︽ᠳ᠋ᠠᠨᠵᠤᠤᠷ︾ ᠨᠢ ᠲᠤᠮᠳᠠᠳᠤ ᠤᠯᠤᠰ ᠲᠤ ᠬᠤᠶᠠᠷ ᠢᠵᠢ᠂ ᠮᠤᠩᠭᠤᠯ ᠤᠯᠤᠰ ᠲᠤ ᠨᠢᠭᠡ ᠢᠵᠢ ᠨᠡᠶᠢᠲᠡ ᠭᠤᠷᠪᠠᠭ᠋ᠠᠨ ᠢᠵᠢ ᠬᠠᠳᠠᠭᠠᠯᠠᠭᠳᠠᠵᠤ ᠪᠤᠢ᠃ ᠡᠬᠦᠨ ᠤ ᠲᠤᠳᠤᠷ᠎ᠠ ᠬᠠᠶᠠᠩᠬᠢᠷᠸ᠎ᠠ ᠰᠦᠮ᠎ᠡ ᠳᠤ ᠬᠠᠳᠠᠭᠠᠯᠠᠭᠳᠠᠵᠤ ᠪᠠᠶᠢᠭᠰᠠᠨ ︽ᠳ᠋ᠠᠨᠵᠤᠤᠷ︾ ᠨᠢ ᠴᠠᠭᠠᠰᠤ ᠨᠢ ᠨᠠᠷᠢᠯᠢᠭ᠂ ᠦᠰᠦᠭ ᠨᠢ ᠲᠤᠳᠤ᠂ ᠵᠢᠷᠤᠭ ᠤᠷᠠᠯᠠᠯ ᠨᠢ ᠭᠤᠶᠤᠮᠰᠤᠭ᠂ ᠪᠦᠷᠢᠨ ᠪᠦᠳᠦᠨ ᠬᠠᠳᠠᠭᠠᠯᠠᠭᠳᠠᠵᠤ ᠢᠷᠡᠭᠰᠡᠨ ᠢᠶᠠᠷ ᠢᠶᠠᠨ ᠬᠠᠮᠤᠭ ᠤᠨ ᠰᠠᠶᠢᠨ ᠨᠢᠭᠡᠨ ᠢᠵᠢ ᠶᠤᠮ᠃         ᠲᠤᠰ ᠪᠡᠭᠡᠵᠢᠩ ᠮᠤᠳᠤᠨ ᠪᠠᠷ ᠤᠨ ᠮᠤᠩᠭᠤᠯ ︽ᠳ᠋ᠠᠨᠵᠤᠤᠷ︾ ᠤᠨ ᠵᠢᠷᠤᠭ ᠤᠷᠠᠯᠠᠯ ᠨᠢ ᠮᠠᠰᠢ ᠭᠤᠶᠤ ᠬᠡᠬᠡᠨᠴᠢᠷ ᠪᠠᠶᠢᠵᠤ᠂ ᠪᠤᠳᠢ ᠪᠦᠷᠢ ᠶᠢᠨ ᠬᠠᠪᠳᠠᠰᠤ ᠮᠤᠳᠤᠨ ᠤ ᠳᠤᠳᠤᠷ᠎ᠠ ᠲᠠᠯ᠎ᠠ ᠪᠠ ᠪᠤᠳᠢ ᠶᠢᠨ ᠡᠬᠢᠨ ᠳᠤ ᠪᠦᠷ ᠦᠩᠭᠡ ᠮᠢᠷᠠᠯᠵᠠᠭᠰᠠᠨ ᠵᠢᠷᠤᠮᠠᠯ ᠪᠤᠷᠬᠠᠨ ᠤ ᠬᠦᠷᠦᠭ ᠤᠳ ᠪᠠᠶᠢᠵᠤ᠂ ᠨᠠᠶᠢᠲᠡ 1120 ᠬᠤᠪᠢ ᠪᠤᠷᠬᠠᠨ ᠤ ᠦᠩᠭᠡᠲᠦ ᠵᠢᠷᠤᠮᠠᠯ ᠬᠦᠷᠦᠭ ᠲᠠᠢ ᠶᠤᠮ᠃ ᠡᠳᠡᠭᠡᠷ ᠦᠩᠭᠡᠲᠦ ᠪᠤᠷᠬᠠᠨ ᠤ ᠬᠦᠷᠦᠭ ᠵᠢᠷᠤᠭ ᠢ ᠠᠯᠲᠠ᠂ ᠮᠦᠩᠬᠦ᠂ ᠱᠢᠷᠦ᠂ ᠰᠤᠪᠤᠳ᠂ ᠤᠭ᠍ᠶᠤ᠂ ᠨᠤᠮᠢᠨ᠂ ᠯᠠᠪᠠᠢ᠂ ᠵᠡᠰ᠂ ᠭᠠᠩ ᠵᠡᠷᠭᠡ ᠡᠷᠳᠡᠨᠢᠰ ᠢ ᠨᠠᠶᠢᠷᠠᠭᠤᠯᠵᠤ ᠵᠢᠷᠤᠵᠤ ᠪᠦᠳᠦᠭᠡᠭᠰᠡᠨ ᠶᠤᠮ᠃ ᠡᠳᠡᠭᠡᠷ ᠬᠦᠷᠦᠭ ᠵᠢᠷᠤᠭ ᠢ ᠪᠤᠷᠬᠠᠨ ᠪᠦᠷᠢ ᠶᠢᠨ ᠬᠡᠪ ᠨᠠᠮᠪᠠ ᠪᠠ ᠬᠦᠷᠦᠭ ᠵᠢᠷᠤᠭ ᠢ ᠪᠦᠳᠦᠭᠡᠨ ᠵᠢᠷᠤᠬᠤ ᠤᠨᠤᠯ ᠤᠨ ᠵᠤᠬᠢᠶᠠᠯ ︽ᠪᠡᠶ᠎ᠡ ᠰᠡᠳᠬᠢᠯ ᠤᠨ ᠬᠤᠪᠢ ᠬᠡᠮᠵᠢᠶᠡᠨ ᠤᠷᠤᠰᠢᠪᠠ︾᠂ ︽ᠲᠤᠭᠤᠯᠤᠭᠰᠠᠨ ᠪᠤᠷᠬᠠᠨ ᠤ ᠨᠤᠮᠯᠠᠭᠰᠠᠨ ᠪᠡᠶ᠎ᠡ ᠲᠦᠷᠰᠦ ᠶᠢᠨ ᠬᠡᠮᠵᠢᠶᠡᠨ ᠤ ᠲᠠᠶᠢᠯᠪᠦᠷᠢ ᠬᠡᠮᠡᠬᠦ︾᠂ ︽ᠵᠢᠷᠤᠭ ᠤᠨ ᠪᠡᠯᠭᠡ ᠴᠢᠨᠠᠷ ᠤᠷᠤᠰᠢᠪᠠ︾᠂ ︽ᠪᠡᠶ᠎ᠡ ᠶᠢᠨ ᠲᠦᠷᠰᠦ ᠬᠦᠷᠦᠭ ᠬᠡᠮᠵᠢᠶᠡᠨ ᠤ ᠪᠡᠯᠭᠡ ᠴᠢᠨᠠᠷ ᠬᠡᠮᠡᠭᠳᠡᠬᠦ︾ ᠵᠡᠷᠭᠡ ᠳᠤ ᠲᠤᠭᠳᠠᠭᠤᠨ ᠨᠤᠮᠯᠠᠭᠰᠠᠨ ᠶᠤᠰᠤ ᠪᠠᠷ ᠭᠤᠶᠤ ᠰᠠᠶᠢᠬᠠᠨ ᠤᠷᠠᠯᠢᠭ ᠤᠨ ᠬᠡᠪ ᠨᠠᠮᠪᠠ ᠲᠠᠢ ᠵᠢᠷᠤᠵᠤ ᠪᠦᠳᠦᠭᠡᠪᠡ᠃ ᠪᠠᠰᠠ ᠪᠤᠳᠢ ᠪᠦᠷᠢ ᠶᠢᠨ ᠭᠠᠳᠠᠷ ᠲᠠᠯ᠎ᠠ ᠳᠤ ᠨᠠᠢᠮᠠᠨ ᠲᠠᠬᠢᠯ ᠤᠨ ᠵᠢᠷᠤᠭ ᠲᠠᠢ ᠪᠠᠶᠢᠳᠠᠭ᠃ ᠪᠤᠳᠢ ᠶᠢᠨ ᠦᠰᠦᠭ ᠤᠨ ᠰᠡᠶᠢᠯᠪᠦᠷᠢ ᠨᠢ ᠴᠤ ᠲᠡᠷᠢ ᠲᠡᠭᠰᠢ᠂ ᠭᠤᠶᠤ ᠦᠵᠡᠮᠦᠷᠢ ᠲᠠᠢ ᠪᠠᠶᠢᠳᠠᠭ᠃ ᠡᠳᠡᠭᠡᠷ ᠨᠢ ᠲᠤᠬᠠᠢ ᠶᠢᠨ ᠦᠶ᠎ᠡ ᠶᠢᠨ ᠤᠷᠠᠨ ᠵᠢᠷᠤᠭ᠂ ᠰᠢᠷ ᠪᠤᠳᠤᠭ᠂ ᠪᠠᠷ ᠬᠡᠪᠯᠡᠯ ᠤᠨ ᠤᠷ᠎ᠠ ᠮᠡᠷᠭᠡᠵᠢᠯ ᠢ ᠰᠤᠳᠤᠯᠬᠤ ᠳᠤ ᠴᠢᠬᠤᠯᠠ ᠯᠠᠪᠯᠠᠯᠲᠠ ᠪᠤᠯᠪᠠ᠃ ᠡᠳᠦᠭᠡ ᠡᠨᠡ ᠰᠤᠳᠤᠷ ᠢ ᠥᠪᠦᠷ ᠮᠤᠩᠭᠤᠯ ᠤᠨ ᠨᠡᠶᠢᠭᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠨᠤᠮ ᠤᠨ ᠰᠠᠩ ᠳᠤ ᠬᠠᠳᠠᠭᠠᠯᠠᠵᠤ ᠪᠤᠢ᠃         2007 ᠣᠨ ᠳᠤ᠂ ᠬᠦᠪᠡᠭᠡᠲᠦ ᠰᠢᠷ᠎ᠠ ᠬᠤᠰᠢᠭᠤ ᠨᠢ ︽ᠮᠤᠩᠭᠤᠯ ︿ᠳ᠋ᠠᠨᠵᠤᠤᠷ﹀ ᠢ ᠥᠪᠯᠡᠭᠰᠡᠨ ᠲᠠᠭᠰᠢᠨ ᠤᠷᠤᠨ︾ ᠢᠶᠠᠷ ᠵᠦᠪᠰᠢᠶᠡᠷᠡᠨ ᠨᠡᠷᠡᠶᠢᠳᠦᠭᠳᠡᠪᠡ᠃ ᠬᠠᠶᠠᠩᠬᠢᠷᠸ᠎ᠠ ᠰᠦᠮ᠎ᠡ ᠨᠢ ᠮᠤᠩᠭᠤᠯ ︽ᠳ᠋ᠠᠨᠵᠤᠤᠷ︾ ᠢ ᠥᠪᠯᠡᠭᠰᠡᠨ ᠠᠩᠬᠠᠨ ᠤ ᠰᠦᠮ᠎ᠡ ᠪᠣᠯᠵᠠᠢ᠃ ᠬᠦᠪᠡᠭᠡᠲᠦ ᠰᠢᠷ᠎ᠠ ᠬᠤᠰᠢᠭᠤ ᠨᠢ ᠲᠤᠰ ᠦᠨᠡᠳᠦ ᠲᠡᠦᠬᠡᠨ ᠰᠤᠳᠤᠷ ᠢ ᠦᠨᠢᠲᠡ ᠲᠤᠷᠠᠰᠬᠠᠬᠤ ᠶᠢᠨ ᠲᠤᠯᠠᠳᠠ 2007 ᠣᠨ ᠳᠤ ᠬᠠᠶᠠᠩᠬᠢᠷᠸ᠎ᠠ ᠰᠦᠮ᠎ᠡ ᠶᠢᠨ ᠵᠡᠬᠦᠨ ᠬᠤᠶᠢᠲᠤ ᠠᠭᠤᠯᠠ ᠶᠢᠨ ᠤᠷᠤᠢ ᠲᠡᠭᠡᠷ᠎ᠡ ︽ᠳ᠋ᠠᠨᠵᠤᠤᠷ︾ ᠤᠨ ᠲᠤᠷᠠᠰᠬᠠᠯ ᠤᠨ ᠬᠦᠰᠢᠶ᠎ᠡ ᠪᠤᠰᠬᠠᠭᠰᠠᠨ ᠶᠤᠮ᠃ ᠡᠨᠡ ᠬᠦᠰᠢᠶ᠎ᠡ ᠨᠢ ᠰᠦᠮ᠎ᠡ ᠶᠢᠨ ᠠᠷᠤ ᠳᠤ ᠰᠦᠨᠳᠡᠷᠯᠡᠬᠦ ᠪᠧᠲ᠋ᠧ ᠤᠪᠤᠭᠠᠨ ᠤ ᠵᠡᠬᠦᠨ ᠡᠮᠦᠨ᠎ᠡ ᠲᠠᠯ᠎ᠠ ᠳᠤ ᠪᠠᠶᠢᠷᠢᠰᠢᠵᠦ ᠪᠠᠶᠢᠳᠠᠭ᠃ ᠨᠤᠲᠤᠭ ᠤᠨ ᠬᠦᠮᠦᠰ ︽ᠳ᠋ᠠᠨᠵᠤᠤᠷ ᠤᠪᠤᠭ᠎ᠠ︾ ᠬᠡᠮᠡᠨ ᠬᠦᠨᠳᠦᠳᠬᠡᠨ ᠲᠠᠭᠤᠳᠠᠳᠠᠭ᠃  
ᠢᠷᠡᠯᠲᠡ᠄ ᠬᠦᠪᠡᠭᠡᠲᠤ ᠰᠢᠷ᠎ᠠ ᠬᠤᠰᠢᠭᠤᠨ ᠤ ᠠᠷᠠᠳ ᠤᠨ ᠵᠠᠰᠠᠭ ᠤᠨ ᠤᠷᠳᠤᠨ