ᠥᠩᠭᠡᠪᠴᠢ ᠠᠵᠢᠯ ᠢ ᠴᠥᠭᠡᠨ ᠬᠢᠵᠦ ᠪᠣᠳᠠᠲᠤ ᠠᠵᠢᠯ ᠢ ᠢᠯᠡᠭᠦᠬᠡᠨ ᠭᠢᠶ᠎ᠡ
ᠨᠡᠶᠢᠲᠡᠯᠡᠭᠰᠡᠨ ᠴᠠᠭ᠄
2024/10/24
        ᠲᠦᠷᠦᠭᠦᠬᠡᠨ᠂ ᠥᠪᠥᠷ ᠮᠣᠩᠭᠤᠯ ᠬᠡᠯᠪᠡᠷᠢᠴᠢ ᠦᠵᠡᠯ ᠢ ᠴᠡᠭᠴᠡᠯᠡᠨ ᠵᠠᠰᠠᠵᠤ ᠦᠨᠳᠦᠰᠦᠨ ᠱᠠᠲᠤᠨ ᠤ ᠳᠠᠷᠤᠭᠠᠰᠤ ᠶᠢ ᠬᠥᠩᠭᠡᠷᠡᠭᠦᠯᠬᠦ ᠠᠰᠠᠭᠤᠳᠠᠯ ᠤᠨ ᠲᠤᠬᠠᠢ ᠨᠡᠶᠢᠭᠡᠮ ᠨᠠᠶᠢᠲᠠ ᠠᠴᠠ ᠰᠦᠪᠡᠭᠴᠢ ᠪᠠ ᠰᠠᠨᠠᠯ ᠰᠠᠨᠠᠭᠤᠯᠭ᠎ᠠ ᠬᠤᠷᠢᠶᠠᠭᠰᠠᠨ ᠨᠢ ᠬᠡᠯᠪᠡᠷᠢᠴᠢ ᠦᠵᠡᠯ ᠢ ᠦᠨᠡᠨ ᠬᠦ ᠵᠠᠯᠠᠷᠠᠭᠤᠯᠤᠨ ᠵᠠᠰᠠᠬᠤ ᠬᠦᠴᠦᠲᠡᠢ ᠴᠢᠩᠭ᠎ᠠ ᠳᠣᠬᠢᠶ᠎ᠠ ᠪᠤᠯᠬᠤ ᠪᠠᠷ ᠪᠠᠷᠠᠬᠤ ᠦᠭᠡᠢ᠂ ᠨᠠᠩ ᠴᠤ ᠥᠷᠭᠡᠨ ᠣᠯᠠᠨ ᠨᠠᠮ ᠤᠨ ᠭᠡᠰᠢᠭᠦᠨ ᠺᠠᠳ᠋ᠷᠴᠤᠳ ᠲᠤ ᠬᠡᠯᠪᠡᠷᠢᠴᠢ ᠦᠵᠡᠯ ᠢ ᠲᠠᠰᠤ ᠵᠣᠭᠰᠣᠭᠠᠵᠤ᠂ ᠦᠨᠡᠨ ᠬᠦ ᠠᠳᠬᠤᠵᠤ ᠪᠣᠳᠠᠲᠠᠢ ᠠᠵᠢᠯᠯᠠᠬᠤ ᠶᠢ ᠪᠠᠷᠢᠮᠲᠠᠯᠠᠬᠤ ᠬᠡᠷᠡᠭᠲᠡᠢ ᠭᠡᠰᠡᠨ ᠰᠡᠷᠡᠮᠵᠢᠯᠡᠭᠦᠯᠤᠯ ᠪᠤᠯᠬᠤ ᠶᠤᠮ᠃         ᠬᠡᠯᠪᠡᠷᠢᠴᠢ ᠦᠵᠡᠯ ᠨᠢ ᠬᠤᠣᠷ ᠬᠥᠨᠥᠭᠡᠯ ᠶᠡᠬᠡᠲᠡᠢ ᠮᠥᠷᠲᠡᠭᠡᠨ ᠶᠠᠳᠠᠷᠠᠭᠠᠵᠤ ᠵᠦᠳᠡᠷᠡᠭᠡᠬᠦ ᠨᠢ ᠬᠡᠴᠡᠭᠦᠦ ᠪᠠᠶᠢᠳᠠᠭ᠃ ᠮᠠᠨ ᠤ ᠳᠡᠷᠭᠡᠳᠡᠬᠢ ᠪᠠᠶᠢᠳᠠᠯ ᠢ ᠠᠵᠢᠭᠯᠠᠪᠠᠯ᠂ ᠨᠢᠭᠡ ᠵᠦᠢᠯ ᠤᠨ ᠠᠵᠢᠯ ᠳᠤ ᠬᠡᠯᠪᠡᠷᠢᠴᠢ ᠦᠵᠡᠯ ᠭᠠᠷᠭᠠᠬᠤ ᠯᠡ ᠶᠤᠮ ᠪᠣᠯ ᠬᠥᠮᠥᠨ ᠤ ᠬᠦᠴᠦ᠂ ᠪᠣᠳᠠᠰ ᠤᠨ ᠬᠦᠴᠦ᠂ ᠡᠳ᠋ ᠤᠨ ᠬᠦᠴᠦᠨ ᠢ ᠲᠠᠯᠠᠭᠠᠷ ᠰᠦᠢᠳᠬᠡᠵᠦ᠂ ᠬᠡᠳᠦ᠋ᠢᠪᠡᠷ ᠦᠵᠡᠬᠦ ᠳᠤ ᠮᠠᠰᠢ ᠤᠯᠠᠨ ᠠᠵᠢᠯ ᠬᠢᠵᠦ᠂ ᠮᠠᠰᠢ ᠶᠡᠭᠡ ᠬᠦᠴᠦ ᠵᠠᠷᠤᠴᠠᠭᠤᠯᠤᠭᠰᠠᠨ ᠰᠢᠭ᠋ ᠪᠤᠯᠪᠠᠴᠤ ᠠᠵᠢᠯ ᠦᠢᠯᠡᠰ ᠤᠨ ᠬᠥᠭᠵᠢᠯᠲᠡ ᠳᠤ ᠥᠴᠥᠬᠡᠨ ᠴᠦ ᠢᠳᠡᠪᠬᠢ ᠦᠢᠯᠡᠳᠦᠯ ᠦᠭᠡᠢ ᠶᠤᠮ᠃ ᠨᠢᠭᠡ ᠨᠢᠭᠡᠴᠢ᠂ ᠨᠢᠭᠡ ᠰᠠᠯᠠᠭ᠎ᠠ ᠮᠥᠴᠢᠷ ᠶᠡᠷᠦ ᠨᠢ ᠬᠡᠯᠪᠡᠷᠢᠴᠢ ᠦᠵᠡᠯ ᠤᠨ ᠲᠠᠯ᠎ᠠ ᠪᠠᠷ ᠡᠷᠭᠢᠯᠳᠦᠭᠡᠳ ᠪᠠᠶᠢᠪᠠᠯ ᠨᠢᠭᠡ ᠵᠦᠢᠯ ᠤᠨ ᠬᠠᠴᠢᠨ ᠣᠷᠴᠢᠯ ᠳᠤ ᠣᠷᠣᠬᠤ ᠨᠢ ᠵᠠᠶᠢᠯᠠᠰᠢ ᠦᠭᠡᠢ ᠶᠤᠮ᠂ ᠲᠤᠬᠠᠶᠢᠯᠠᠪᠠᠯ ᠮᠠᠰᠢ ᠳᠥᠭᠦᠮᠬᠡᠨ ᠨᠢᠭᠡ ᠶᠠᠪᠤᠳᠠᠯ ᠨᠢ ᠭᠡᠳᠦ ᠣᠯᠠᠨ ᠶᠠᠪᠤᠴᠠ ᠶᠢ ᠥᠩᠭᠡᠷᠡᠭᠡᠵᠦ᠂ ᠮᠠᠰᠢ ᠣᠯᠠᠨ ᠴᠠᠭ ᠢ ᠲᠠᠯᠠᠭᠠᠷ ᠰᠦᠢᠳᠬᠡᠵᠦ ᠶᠠᠮᠠᠷᠴᠤ ᠦᠷ᠎ᠡ ᠪᠦᠲᠦᠮᠵᠢ ᠦᠭᠡᠢ ᠪᠠᠶᠢᠳᠠᠭ᠃ ᠣᠳᠣᠬᠠᠨ ᠳᠤ ᠥᠪᠥᠷ ᠮᠣᠩᠭᠤᠯ ᠶᠠᠭ ᠬᠥᠭᠵᠢᠯᠲᠡ ᠶᠢᠨ ᠵᠠᠩᠭᠢᠯᠠᠭ᠎ᠠ ᠶᠢᠨ ᠴᠠᠭ ᠦᠶ᠎ᠡ ᠳᠤ ᠣᠷᠣᠰᠢᠵᠤ ᠪᠤᠢ᠂ ᠠᠵᠠ ᠲᠣᠭᠢᠶᠠᠯ ᠢ ᠡᠵᠡᠮᠳᠡᠬᠦ ᠦᠭᠡᠢ ᠵᠢᠭᠠᠬᠠᠨ ᠰᠤᠯᠠᠷᠠᠪᠠᠯ ᠵᠠᠪᠰᠢᠶᠠᠨ ᠢ ᠠᠯᠳᠠᠬᠤ ᠳᠤ ᠭᠦᠷᠦᠨ᠎ᠡ᠂ ᠬᠦᠨᠳᠦ ᠨᠦᠰᠡᠷ ᠡᠭᠦᠷᠭᠡ ᠶᠢᠨ ᠡᠮᠦᠨ᠎ᠡ ᠪᠢᠳᠡ ᠬᠡᠷᠬᠢᠨ ᠡᠷᠬᠢᠮ ᠨᠠᠨᠳᠢᠨ ᠴᠠᠭ ᠪᠠ ᠤᠶᠤᠨ ᠴᠢᠳᠠᠯ ᠢᠶᠠᠨ ᠬᠡᠯᠪᠡᠷᠢᠴᠢ ᠦᠵᠡᠯ ᠢ ᠭᠠᠷᠭᠠᠵᠤ᠂ ᠥᠩᠭᠡᠪᠴᠢ ᠠᠵᠢᠯ ᠬᠢᠬᠦ ᠳᠡᠭᠡᠷ᠎ᠡ ᠰᠦᠢᠳᠬᠡᠵᠦ ᠪᠤᠯᠬᠤ ᠪᠢᠯᠡ︖ ᠬᠡᠯᠡᠯᠭᠡᠨ ᠦᠭᠡᠢ᠂ ᠠᠵᠢᠯ ᠬᠢᠬᠦ ᠳᠤ ᠵᠣᠬᠢᠬᠤ ᠭᠡᠯᠪᠡᠷᠢ ᠪᠠᠷ ᠠᠬᠢᠭᠤᠯᠬᠤ ᠨᠢ ᠳᠠᠮᠵᠢᠭ ᠦᠭᠡᠢ᠂ ᠭᠡᠪᠡᠴᠦ ᠭᠡᠯᠪᠡᠷᠢ  ᠨᠢ ᠡᠷᠬᠡᠪᠰᠢ ᠠᠭᠤᠯᠭ᠎ᠠ ᠳᠠᠭᠠᠨ ᠦᠢᠯᠡᠴᠢᠯᠡᠭᠰᠡᠨ ᠪᠠᠶᠢᠬᠤ ᠬᠡᠷᠡᠭᠲᠡᠢ᠃ ᠭᠡᠯᠪᠡᠷᠢ ᠶᠢᠨ ᠰᠠᠶᠢᠨ ᠡᠰᠡᠬᠦ ᠶᠢ ᠬᠡᠮᠵᠢᠬᠦ ᠪᠠᠷᠢᠮᠵᠢᠶ᠎ᠠ ᠶᠢ ᠦᠨᠡᠨ ᠠᠴᠠ ᠵᠥᠪ ᠢ ᠡᠷᠢᠭᠰᠡᠨ ᠡᠰᠡᠬᠦ ᠳᠤ ᠣᠷᠣᠰᠢᠨ᠎ᠠ᠃ ᠬᠤᠷᠠᠯ ᠬᠢᠬᠦ ᠪᠠᠷ ᠵᠢᠱᠢᠶᠡᠯᠡᠪᠡᠯ᠂ ᠡᠭᠦᠷᠭᠡ ᠪᠠᠶᠢᠷᠢᠯᠠᠭᠤᠯᠤᠭᠰᠠᠨ ᠴᠤ ᠲᠡᠷᠡ᠂ ᠤᠯᠤᠰ ᠲᠦᠷᠦ ᠶᠢ ᠰᠤᠳᠤᠯᠤᠭᠰᠠᠨ ᠴᠤ ᠲᠡᠷᠡ᠂ ᠠᠰᠠᠭᠤᠳᠠᠯ ᠢ ᠰᠢᠢᠳᠪᠦᠷᠢᠯᠡᠬᠦ ᠪᠠᠷ ᠴᠢᠷᠮᠠᠶᠢᠳᠠᠭ ᠯᠠ ᠶᠤᠮ ᠪᠣᠯ ᠬᠤᠷᠠᠯ ᠬᠢᠬᠦ ᠴᠢᠬᠤᠯᠠ ᠲᠠᠢ ᠶᠤᠮ᠃ ᠡᠭᠦᠨ ᠤ ᠡᠰᠡᠷᠭᠦ ᠪᠠᠷ᠂ ᠬᠤᠷᠠᠯ ᠬᠢᠬᠦ ᠶᠢᠨ ᠲᠥᠯᠥᠭᠡ ᠬᠤᠷᠠᠯ ᠬᠢᠵᠦ᠂ ᠬᠤᠷᠠᠯ ᠢᠶᠠᠷ ᠬᠤᠷᠠᠯ ᠢ ᠨᠠᠶᠢᠳᠠᠪᠤᠷᠢᠵᠢᠭᠤᠯᠬᠤ ᠨᠢ ᠴᠠᠭ ᠪᠠ ᠤᠶᠤᠨ ᠴᠢᠳᠠᠯ ᠢᠶᠠᠨ ᠲᠠᠯᠠᠭᠠᠷ ᠰᠦᠢᠳᠬᠡᠭᠰᠡᠨ ᠬᠡᠷᠡᠭ ᠪᠣᠯᠣᠨ᠎ᠠ᠃ ᠪᠠᠰᠠ ᠵᠢᠱᠢᠶᠡᠯᠡᠪᠡᠯ᠂ ᠶᠠᠮᠠᠷ ᠠᠵᠢᠯ ᠬᠢᠭᠰᠡᠨ ᠴᠦ ᠤᠷᠢᠳ ᠢᠶᠠᠷ ᠲᠤᠰᠬᠠᠢ ᠠᠩᠭᠢ ᠪᠠᠶᠢᠭᠤᠯᠵᠤ᠂ ᠯᠠᠷᠵᠢᠶ᠎ᠠ ᠲᠠᠲᠠᠵᠤ᠂ ᠠᠵᠢᠯ ᠶᠠᠪᠤᠳᠠᠯ ᠢᠶᠠᠨ ᠯᠠᠷᠵᠢᠶ᠎ᠠ ᠶᠠᠩᠪᠠ ᠲᠠᠢ ᠭᠦᠢᠴᠡᠳ ᠶᠠᠷᠢᠭᠰᠠᠨ ᠤ ᠲᠠᠷᠠᠭ᠎ᠠ ᠰᠠᠶ᠋ᠢ ᠠᠯᠭᠤᠷ ᠠᠭᠠᠵᠢᠮ ᠢᠶᠠᠷ ᠥᠷᠨᠢᠭᠦᠯᠬᠦ ᠁ ᠡᠳᠡᠭᠡᠷ ᠵᠦᠢᠯ ᠨᠢ ᠠᠵᠢᠯ ᠦᠢᠯᠡᠰ ᠤᠨ ᠬᠥᠭᠵᠢᠯᠲᠡ ᠳᠤ ᠠᠰᠢᠭ ᠦᠭᠡᠢ ᠮᠥᠷᠲᠡᠭᠡᠨ ᠪᠠᠰᠠ ᠦᠨᠳᠦᠰᠦᠨ ᠱᠠᠲᠤᠨ ᠤ ᠳᠠᠷᠤᠭᠠᠰᠤ ᠶᠢ ᠬᠦᠨᠳᠦᠷᠡᠭᠦᠯᠬᠦ ᠪᠣᠯᠣᠨ᠎ᠠ᠃        ᠠᠵᠢᠯ ᠢ ᠬᠢᠵᠦ ᠪᠠᠶᠢᠭᠠᠳ ᠪᠦᠲᠦᠭᠡᠳᠡᠭ ᠶᠤᠮ᠂ ᠬᠠᠷᠢᠨ ᠬᠠᠰᠬᠢᠷᠴᠤ ᠪᠠᠶᠢᠭᠠᠳ ᠪᠦᠲᠦᠭᠡᠳᠡᠭ ᠪᠢᠰᠢ᠂ ᠠᠮᠵᠢᠯᠲᠠ ᠪᠦᠳᠦᠮᠵᠢ ᠶᠢ ᠬᠢᠵᠦ ᠪᠠᠶᠢᠭᠠᠳ ᠭᠠᠷᠭᠠᠭᠰᠠᠨ ᠶᠤᠮ᠂ ᠬᠠᠷᠢᠨ ᠬᠡᠯᠡᠵᠦ ᠪᠠᠶᠢᠭᠠᠳ ᠭᠠᠷᠭᠠᠭᠰᠠᠨ ᠪᠢᠰᠢ᠃ ᠬᠡᠯᠪᠡᠷᠢᠴᠢ ᠦᠵᠡᠯ᠂ ᠨᠣᠶᠠᠨᠴᠢ ᠰᠤᠷᠲᠠᠯ ᠨᠢ ᠯᠠᠪᠲᠠᠢ ᠤᠴᠢᠷ ᠶᠠᠪᠤᠳᠠᠯ ᠢ ᠪᠦᠲᠦᠭᠡᠵᠦ ᠳᠡᠶᠢᠯᠭᠦ ᠦᠭᠡᠢ ᠶᠤᠮ᠃ ᠵᠢᠶᠣᠣ ᠢᠦᠢ ᠯᠦ ᠯᠠᠨᠺᠤᠤ ᠰᠢᠶᠠᠨ ᠳᠤ ᠬᠦᠷᠴᠦ ᠬᠦᠴᠢᠷ ᠪᠡᠷᠬᠡᠰᠢᠶᠡᠯ ᠢ ᠳᠠᠪᠠᠵᠤ ᠡᠯᠡᠰᠦ ᠶᠢ ᠵᠠᠰᠠᠬᠤ ᠠᠷᠭ᠎ᠠ ᠶᠢ ᠡᠷᠢᠯᠬᠢᠯᠡᠵᠦ᠂ ᠺᠦᠩ ᠹᠠᠨ ᠰᠧᠨ ᠴᠠᠰᠤᠲᠤ ᠥᠨᠳᠦᠷᠯᠢᠭ ᠲᠤ ᠬᠡᠳᠦᠨ ᠲᠦᠮᠡᠨ ᠺᠢᠯᠤᠮᠧᠲᠷ ᠠᠶᠠᠯᠠᠨ ᠬᠥᠭᠵᠢᠯᠲᠡ ᠶᠢᠨ ᠠᠷᠭ᠎ᠠ ᠪᠣᠳᠣᠯᠭ᠎ᠠ ᠶᠢ ᠰᠦᠪᠡᠭᠴᠢᠯᠡᠵᠦ᠂ ᠱᠢ ᠭᠤᠸᠠᠩ ᠶᠢᠨ ᠡᠵᠡᠭᠦᠢ ᠡᠯᠡᠰᠦ ᠬᠤᠵᠢᠷᠲᠤ ᠲᠠᠩ ᠳᠤ 40 ᠵᠢᠯ ᠲᠡᠮᠡᠴᠡᠭᠡᠳ ᠪᠠᠶᠠᠵᠢᠯ ᠤᠨ ᠵᠣᠷ ᠢ ᠡᠷᠢᠯᠬᠢᠯᠡᠪᠡ ᠁ ᠭᠠᠭᠴᠠ ᠬᠦ ᠦᠨᠡᠨ ᠬᠦ ᠠᠳᠬᠤᠵᠤ ᠪᠣᠳᠠᠲᠠᠢ ᠠᠵᠢᠯᠯᠠᠵᠤ ᠨᠠᠶᠢᠳᠠᠪᠤᠷᠢᠵᠢᠭᠤᠯᠤᠯᠲᠠ ᠶᠢ ᠬᠦᠴᠦᠲᠡᠢ ᠠᠳᠬᠤᠪᠠᠯ ᠰᠠᠶ᠋ᠢ ᠬᠥᠭᠵᠢᠯᠲᠡ ᠶᠢᠨ ᠳᠠᠷᠳᠠᠩ ᠵᠠᠮ ᠢ ᠨᠡᠭᠡᠭᠡᠵᠦ ᠴᠢᠳᠠᠨ᠎ᠠ ᠭᠡᠳᠡᠭ ᠢ ᠲᠤᠭ᠎ᠠ ᠲᠣᠮᠰᠢ ᠦᠭᠡᠢ ᠦᠢᠯᠡᠳᠦᠯᠭᠡ ᠭᠡᠷᠡᠴᠢᠯᠡᠪᠡ᠃ ᠬᠡᠢ ᠬᠤᠭᠤᠰᠤᠨ ᠥᠩᠭᠡᠪᠴᠢ ᠠᠵᠢᠯ ᠢ ᠴᠥᠭᠡᠨ ᠬᠢᠵᠦ᠂ ᠪᠣᠳᠠᠲᠠᠢ ᠳᠤ ᠨᠠᠶᠢᠳᠠᠪᠤᠷᠢᠵᠢᠭᠤᠯᠤᠨ ᠦᠷ᠎ᠡ ᠪᠦᠲᠦᠮᠵᠢ ᠣᠯᠬᠤ ᠠᠵᠢᠯ ᠢ ᠢᠯᠡᠭᠦᠬᠡᠨ ᠬᠢᠵᠦ᠂ ᠴᠠᠭ ᠪᠠ ᠤᠶᠤᠨ ᠴᠢᠳᠠᠯ ᠢᠶᠠᠨ ᠬᠥᠭᠵᠢᠯᠲᠡ ᠶᠢ ᠰᠦᠪᠡᠭᠴᠢᠯᠡᠬᠦ᠂ ᠠᠵᠢᠯ ᠬᠢᠵᠦ ᠦᠢᠯᠡᠰ ᠪᠣᠰᠬᠠᠬᠤ᠂ ᠠᠷᠠᠳ ᠲᠦᠮᠡᠨ ᠤ ᠲᠥᠯᠥᠭᠡ ᠤᠴᠢᠷ ᠶᠠᠪᠤᠳᠠᠯ ᠰᠢᠢᠳᠪᠦᠷᠢᠯᠡᠬᠦ ᠳᠡᠭᠡᠷ᠎ᠡ ᠵᠠᠷᠤᠴᠠᠭᠤᠯᠪᠠᠯ ᠪᠢᠳᠡ ᠰᠠᠶ᠋ᠢ ᠪᠣᠳᠠᠲᠤ ᠠᠮᠵᠢᠯᠲᠠ ᠣᠯᠵᠤ᠂ ᠬᠦᠰᠡᠯ ᠡᠷᠡᠮᠡᠯᠵᠡᠯ ᠢᠶᠠᠨ ᠪᠡᠶᠡᠯᠡᠭᠦᠯᠵᠦ ᠴᠢᠳᠠᠨ᠎ᠠ᠃   
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ