ᠳᠠᠷᠬᠠᠨ ᠪᠠᠶᠢᠯ᠎ᠡ ᠶᠢᠨ ︽ᠬᠡᠤᠬᠡᠨ ᠴᠠᠶᠢᠯᠠᠬᠤ︾ ᠵᠠᠩᠰᠢᠯ ᠨᠢ ᠨᠡᠩ ᠲᠡᠬᠡᠷ᠎ᠡ ᠥᠶ᠎ᠡ ᠳᠡᠭᠡᠨ ︽ᠬᠡᠤᠬᠡᠨ ᠳᠤ ᠲᠤᠭᠤᠯᠭᠠᠬᠤ︾ ᠵᠠᠩᠰᠢᠯ ︵ᠰᠤᠨᠤᠰᠬᠠᠬᠤ︶ | ᠬᠡᠳᠡᠭ ᠪᠠᠶᠢᠵᠠᠢ᠃ ᠬᠥᠷᠬᠡᠨ ᠤ ᠲᠠᠯ᠎ᠠ ᠨᠢ ᠰᠢᠨ᠎ᠠ ᠪᠡᠷᠢ ᠪᠠᠨ ᠠᠪᠤᠭᠠᠳ ᠮᠤᠷᠳᠠᠬᠤ ᠶᠢᠨ ᠡᠮᠥᠨᠡᠬᠡᠨ ᠬᠡᠤᠬᠡᠨ ᠤ ᠲᠠᠯ᠎ᠠ ᠨᠢ ᠮᠤᠷᠳᠠᠬᠤ ᠬᠡᠤᠬᠡᠨ ᠢᠶᠠᠨ ᠬᠤᠶᠠᠷ | ᠪᠡᠷᠬᠡᠨ ᠲᠠᠢ ᠨᠢ ᠬᠠᠮᠳᠥ ᠰᠠᠭᠤᠯᠭᠠᠵᠤ ᠪᠠᠶᠢᠭᠠᠳ ᠬᠤᠨᠢᠨ ᠤ ᠡᠪᠴᠢᠬᠦᠤ ᠴᠢᠨᠠᠵᠤ ᠥᠭᠬᠦᠬᠡᠳ ᠴᠠᠢ ᠤᠤᠭᠤᠯᠭᠠᠵᠤ᠂ ᠡᠴᠢᠬᠡ ᠡᠬᠡ ᠠᠴᠠ ᠨᠢ ᠬᠡᠤᠬᠡᠨ ᠳᠡᠭᠡᠨ᠄ ︽ | ᠬᠡᠤᠬᠡᠨ ᠬᠥᠮᠥᠨ ᠪᠤᠯ ᠲᠥᠷᠥ ᠤᠯᠤᠰ ᠤᠨ ᠵᠢᠷᠥᠮ ᠢ ᠲᠠᠭᠠᠵᠤ ᠨᠠᠰᠤᠨ ᠳᠤ ᠬᠥᠷᠥᠮᠡᠭᠴᠡ ᠡᠷᠬᠡᠪᠰᠢ ᠥᠬᠡᠷ᠎ᠡ ᠠᠶᠢᠯ ᠤᠨ ᠬᠥᠮᠥᠨ ᠪᠤᠯᠬᠤ ᠬᠡᠷᠡᠭᠳᠠᠢ︾ ᠬᠡᠵᠤ | ᠰᠠᠨᠠᠭᠤᠯᠤᠨ ᠵᠠᠬᠢᠬᠤ ᠮᠡᠳᠥ ᠶᠢᠨ ᠥᠬᠡ ᠶᠠᠷᠢᠭᠰᠡᠨ ᠤ ᠰᠡᠬᠦᠯᠡᠷ ᠬᠤᠶᠠᠷ ᠪᠡᠷᠬᠡᠨ ᠨᠢ᠄ | ᠬᠥᠷᠡᠩ ᠮᠤᠷᠢ ᠪᠠᠶᠢᠪᠠᠴᠥ᠂ | ᠬᠥᠨᠳᠡᠢ ᠭᠠᠵᠠᠷ ᠪᠡᠯᠴᠢᠬᠡᠷ ᠲᠠᠢ | ᠬᠡᠤᠬᠡᠨ ᠥᠷ᠎ᠠ ᠪᠠᠶᠢᠪᠠᠴᠥ | ᠬᠥᠮᠥᠨ ᠤ ᠭᠠᠵᠠᠷ ᠰᠠᠭᠤᠳᠠᠯ ᠲᠠᠢ | ᠬᠠᠷ᠎ᠠ ᠮᠤᠷᠢ ᠪᠠᠶᠢᠪᠠᠴᠥ | ᠬᠠᠩᠭᠠᠢ ᠭᠠᠵᠠᠷ ᠪᠡᠯᠴᠢᠬᠡᠷ ᠲᠠᠢ | ᠬᠠᠶᠢᠷᠠᠳᠠᠢ ᠥᠷ᠎ᠡ ᠪᠠᠶᠢᠪᠠᠴᠥ | ᠬᠠᠷᠢ ᠶᠢᠨ ᠭᠠᠵᠠᠷ ᠰᠠᠭᠤᠳᠠᠯ ᠲᠠᠢ | ᠠᠬ᠎ᠠ ᠶᠡᠬᠡᠰ ᠢᠶᠠᠨ ᠬᠥᠨᠳᠥᠯᠡᠵᠤ ᠶᠠᠪᠤᠭᠠᠷᠠᠢ︕ | ᠠᠴᠢᠷ ᠥᠷ᠎ᠡ ᠪᠠᠨ ᠥᠰᠬᠡᠵᠤ ᠶᠠᠪᠤᠭᠠᠷᠠᠢ︕ | ᠠᠳᠤᠭᠤ ᠮᠠᠯ ᠢᠶᠠᠨ ᠥᠷᠡᠵᠢᠬᠦᠯᠵᠤ ᠶᠠᠪᠤᠭᠠᠷᠠᠢ︕ | ᠠᠮᠤᠷ ᠮᠡᠨᠳᠥ ᠵᠢᠷᠭᠠᠵᠤ ᠰᠠᠭᠤᠭᠠᠷᠠᠢ︕ ᠬᠡᠵᠤ ᠢᠷᠥᠬᠡᠳᠡᠭ᠃ | ᠢᠩᠬᠢᠬᠡᠳ ᠪᠠᠷᠠᠮᠠᠭᠴᠠ ᠵᠠᠷᠢᠮ ᠳᠠᠭᠠᠨ ᠲᠠᠭᠤᠤ ᠲᠠᠭᠤᠯᠠᠵᠤ᠂ ᠬᠡᠤᠬᠡᠨ ᠢᠶᠠᠨ ᠮᠤᠷᠳᠠᠭᠤᠯᠬᠤ ᠶᠤᠰᠤ ᠬᠥᠢᠴᠡᠳᠬᠡᠳᠡᠭ ᠪᠠᠶᠢᠵᠠᠢ᠃ ᠡᠨᠡ ᠥᠶ᠎ᠡ ᠳᠤ | ᠰᠠᠩ ᠤᠨ ᠯᠠᠮᠠ ᠴᠦ ᠰᠠᠩ ᠢᠶᠠᠨ ᠲᠠᠯᠪᠢᠵᠤ ᠰᠠᠭᠠᠳᠠᠭ ᠨᠤᠮᠤ ᠶᠢ ᠨᠢ ᠠᠷᠢᠭᠤᠯᠠᠵᠤ ᠬᠥᠷᠬᠡᠨ ᠬᠡᠤᠬᠡᠨ ᠬᠤᠶᠠᠷ ᠢ ᠪᠤᠴᠠᠬᠤ ᠵᠠᠮ ᠳᠠᠭᠠᠨ ᠥᠯᠵᠡᠢ ᠮᠥᠷ ᠲᠠᠢ ᠶᠠᠪᠤᠬᠤ | ᠲᠤᠬᠠᠢ ᠠᠯᠢ ᠪᠤᠯᠬᠤ ᠪᠠᠷ ᠲᠤᠮ ᠲᠤᠬᠢᠶ᠎ᠠ ᠬᠢᠳᠡᠭ ᠪᠠᠶᠢᠨ᠎ᠠ᠃ | |