ᠮᠤᠩᠭᠤᠯᠴᠤᠤᠡ ᠰᠢᠨ᠎ᠡ ᠵᠢᠯ ᠴᠠᠭᠠᠨ ᠰᠠᠷ᠎ᠠ ᠳᠤ ᠦᠪᠡᠷᠰᠡᠤᠡ ᠢᠶᠠᠨ ᠰᠠᠶᠢᠨ ᠰᠠᠶᠢᠬᠠᠨ ᠰᠢᠨᠡᠯᠡᠬᠦ ᠪᠠᠷ ᠪᠠᠷᠠᠬᠤ ᠥᠬᠡᠢ ᠥᠢᠯᠡᠳᠪᠤᠷᠢᠯᠡᠯ ᠠᠮᠢᠳᠤᠷᠠᠯ ᠤᠨ | ᠡᠬᠢ ᠰᠤᠷᠪᠤᠯᠵᠢ ᠪᠤᠯᠤᠭᠰᠠᠨ ᠮᠠᠯ ᠰᠥᠷᠥᠭ ᠢᠶᠠᠨ ᠴᠦ ᠰᠠᠶᠢᠬᠠᠨ ᠰᠢᠨᠡᠯᠡᠬᠦᠯᠳᠡᠭ ᠵᠠᠩ ᠤᠶᠢᠯᠡ ᠲᠠᠢ᠃ ᠡᠨᠡ ᠬᠦ ᠵᠠᠩ ᠤᠶᠢᠯᠡ ᠨᠢ ᠭᠤᠤᠯᠳᠠᠭᠤ ᠮᠠᠯ ᠰᠥᠷᠥᠭ ᠢᠶᠠᠨ | ᠪᠠᠶᠠᠰᠬᠠᠬᠤ ᠠᠵᠢᠯᠯᠠᠭ᠎ᠠ ᠪᠠᠶᠢᠵᠤ᠂ ᠬᠡᠷ ᠤᠨ ᠡᠵᠡᠨ᠂ ᠬᠡᠷ ᠬᠤᠲᠠᠯᠠᠭᠠᠷ ᠢᠶᠠᠨ ᠬᠥᠢᠴᠡᠤᠨᠬᠡᠳᠡᠭ᠃ | ᠮᠠᠯ ᠰᠥᠷᠥᠭ ᠢᠶᠠᠨ ᠰᠢᠨᠡᠯᠡᠬᠦᠯᠬᠦ ᠶᠠᠪᠤᠴᠠ ᠳᠤ ᠭᠤᠤᠯᠳᠠᠭᠤ ᠮᠠᠯ ᠢᠶᠠᠨ ᠪᠠᠶᠠᠰᠬᠠᠨ ᠰᠢᠨᠡᠯᠡᠬᠦᠯᠵᠤ᠂ ᠬᠡᠬᠡᠷ᠎ᠡ ᠶᠢᠨ ᠮᠠᠯ ᠰᠥᠷᠥᠭ ᠢᠶᠠᠨ ᠤᠨᠤᠭᠠᠷᠢ ᠶᠢᠨ | ᠮᠤᠷᠢ᠂ ᠠᠳᠠ ᠪᠠᠷ ᠲᠦᠯᠦᠬᠡᠯᠡᠬᠦᠯᠳᠡᠭ᠃ ᠮᠠᠯ ᠰᠥᠷᠥᠭ ᠢᠶᠠᠨ ᠰᠢᠨᠡᠯᠡᠬᠦᠯᠬᠦ ᠳᠤ ᠤᠷᠢᠳᠠᠪᠡᠷ ᠮᠠᠯ ᠰᠥᠷᠥᠭ ᠤᠨ ᠢᠶᠠᠨ ᠬᠠᠰᠢᠶ᠎ᠠ ᠰᠠᠷᠠᠪᠴᠢᠨ ᠤ ᠡᠮᠤᠨ᠎ᠡ ᠰᠢᠷᠡᠭᠡ | ᠵᠠᠰᠠᠵᠤ᠂ ᠲᠡᠬᠡᠷ᠎ᠡ ᠨᠢ ᠢᠳᠡᠬᠡᠨ ᠤ ᠲᠡᠬᠡᠵᠢ ᠰᠥ ᠴᠠᠭᠠᠨ ᠢᠳᠡᠭᠡ᠂ ᠪᠤᠤᠪᠤ ᠪᠤᠭᠤᠷᠰᠤᠭ᠂ ᠪᠤᠷᠠᠮ ᠰᠢᠬᠢᠷ᠂ ᠠᠯᠢᠮ᠎ᠠ ᠵᠢᠮᠢᠰ ᠦᠷᠦᠵᠤ ᠲᠠᠯᠪᠢᠭᠠᠤᠡ ᠬᠤᠪᠤᠩ | ᠰᠠᠪᠠᠨ ᠳᠤ ᠰᠠᠩ ᠲᠠᠯᠪᠢᠨ᠎ᠠ︔ ᠬᠡᠷ ᠤᠨ ᠡᠵᠡᠨ ᠬᠠᠰᠢᠶ᠎ᠠ ᠰᠠᠷᠠᠪᠴᠢ ᠪᠠᠨ ᠨᠠᠷᠠᠨ ᠤ ᠡᠷᠬᠢᠯᠳᠡ ᠪᠠᠷ ᠭᠤᠷᠪᠠᠨᠳᠠ ᠲᠤᠭᠤᠷᠢᠵᠤ ᠷᠠᠰᠢᠶᠠᠨ ᠡᠷᠬᠦᠨ᠎ᠡ︔ ᠵᠠᠯᠠᠭᠤ | ᠪᠠᠭᠠᠴᠤᠤᠡ ᠬᠡᠥᠬᠡᠤᠨ ᠤᠳ ᠴᠠᠭᠠᠨ ᠰᠠᠷ᠎ᠠ ᠶᠢᠨ ᠳᠡᠪᠡᠯ ᠬᠤᠪᠴᠠᠰᠥ ᠪᠠᠨ ᠡᠮᠥᠰᠴᠥ᠂ ᠵᠠᠰᠠᠯ ᠵᠡᠬᠦᠳᠡᠯ ᠢᠶᠠᠨ ᠪᠦᠷᠢᠨ ᠵᠡᠬᠦᠵᠤ᠂ ᠪᠠᠶᠠᠷᠯᠠᠯᠳᠤᠨ ᠬᠦᠬᠡᠷᠥᠯᠳᠥᠵᠤ᠂ | ᠤᠨᠤᠭᠠᠷᠢ ᠶᠢᠨ ᠮᠤᠷᠢ᠂ ᠠᠲᠠ ᠶᠢᠨ ᠢᠶᠠᠨ ᠡᠮᠡᠬᠡᠯ᠂ ᠲᠤᠬᠤᠰᠢ ᠶᠢ ᠪᠦᠷᠢᠨ ᠲᠤᠬᠤᠵᠤ᠂ ᠪᠤᠬ᠎ᠠ᠂ ᠬᠤᠴᠠ᠂ ᠤᠬᠤᠨ᠎ᠠ ᠪᠠᠨ ᠬᠦᠳᠥᠯᠵᠥ᠂ ᠵᠠᠰᠠᠭᠰᠠᠨ ᠰᠢᠷᠡᠬᠡᠨ ᠤ | ᠳᠡᠷᠬᠡᠳᠡ ᠢᠷᠡᠬᠦ ᠳᠤ ᠬᠡᠷ ᠤᠨ ᠡᠵᠡᠨ ᠰᠥ ᠴᠠᠭᠠᠨ ᠢᠳᠡᠭᠡ ᠪᠠᠷ ᠨᠢᠬᠡ ᠨᠢᠬᠡ ᠪᠠᠷ ᠮᠢᠯᠢᠶᠠᠵᠤ᠂ ︽ᠲᠠᠪᠤᠨ ᠬᠤᠰᠢᠭᠤ ᠮᠠᠯ ᠰᠥᠷᠥᠭ ᠮᠢᠨᠢ ᠲᠠᠯ᠎ᠠ ᠲᠥᠬᠦᠷᠡᠩ | ᠦᠰᠥᠮᠥ᠂ ᠭᠠᠢ ᠭᠠᠮᠰᠢᠭ ᠥᠬᠡᠢ᠂ ᠭᠠᠵᠢᠭ ᠬᠡᠮ ᠥᠬᠡᠢ ᠪᠠᠶᠢᠭᠠᠰᠡᠢ︾ ᠬᠡᠵᠤ ᠢᠷᠥᠬᠡᠯ ᠡᠷᠬᠦᠵᠥ᠂ ᠥᠬᠡᠷ ᠤᠨ ᠰᠥᠷᠥᠭ᠂ ᠬᠤᠨᠢᠨ ᠰᠥᠷᠥᠭ ᠢᠶᠠᠨ ᠰᠢᠷᠡᠬᠡᠨ | ᠵᠠᠬ᠎ᠠ᠂ ᠰᠠᠩ ᠤᠨ ᠳᠤᠤᠭᠤᠷ ᠦᠩᠬᠡᠷᠡᠬᠡᠨ᠎ᠡ᠃ ᠡᠵᠡᠨ ᠬᠥᠮᠥᠰ ᠨᠢ ᠪᠠᠶᠠᠷᠯᠠᠯᠳᠤᠨ ᠬᠦᠬᠡᠷᠥᠯᠳᠥᠬᠦ ᠳᠤ ᠮᠠᠯ ᠰᠥᠷᠥᠭ ᠨᠢ ᠴᠦ ᠳᠠᠭᠠᠯᠳᠤᠨ ᠪᠠᠶᠠᠰᠤᠨ᠂ ᠬᠤᠲᠠ | ᠳᠥᠬᠦᠷᠡᠩ ᠪᠠᠶᠠᠷ᠂ ᠲᠠᠯ᠎ᠠ ᠳᠥᠬᠦᠷᠡᠩ ᠵᠢᠷᠭᠠᠯ ᠢᠶᠠᠷ ᠪᠢᠯᠬᠠᠲᠠᠭ ᠪᠢᠯᠡ᠃ | |